Paper Information


Title ᠲᠠᠭᠤᠰᠤᠰᠢ ᠦᠭᠡᠢ ᠡᠮᠭᠡᠨᠢᠯ ᠤᠨ ᠲᠠᠭᠤᠤ——ᠺᠠᠹᠺᠠ ᠪᠡ ᠲᠡᠭᠦᠨ ᠤ ᠵᠣᠬᠢᠶᠠᠯ ᠪᠦᠲᠦᠭᠡᠯ
Creator ᠬᠦᠬᠡᠠᠭᠤᠯᠠ
Keyword
Abstract ᠺᠠᠹᠺᠠ ᠪᠣᠯ ᠬᠤᠷᠢᠳᠤᠭᠠᠷ ᠵᠠᠭᠤᠨ ᠤ ᠡᠸᠦ᠋ᠷᠦᠫᠠ ᠠᠮᠸᠷᠢᠺᠡ ᠶᠢᠨ ᠬᠠᠮᠤᠭ ᠤᠨ ᠰᠢᠯᠭᠠᠷᠠᠭᠰᠠᠨ ᠵᠣᠬᠢᠶᠠᠯᠴᠢ  ᠶᠢᠨ ᠨᠢᠭᠡ ᠶᠣᠮ᠃ ᠲᠡᠭᠦᠨ ᠤ ᠵᠣᠬᠢᠶᠠᠯ ᠪᠦᠲᠦᠭᠡᠯ ᠨᠢ ᠣᠳᠣᠬᠢᠴᠢ ᠦᠵᠡᠯ ᠤᠨ ᠭᠦᠭᠵᠢᠯ ᠳ᠋ᠤ ᠰᠠᠭᠤᠷᠢᠯᠠᠭᠴᠢ ᠦᠢᠯᠡᠳᠦᠯ ᠦᠵᠡᠭᠦᠯᠵᠡᠢ᠃ ᠲᠤᠰ ᠦᠭᠦᠯᠡᠯ ᠳ᠋ᠤ ᠺᠠᠹᠺᠠ ᠪᠣᠯᠤᠨ ᠲᠡᠭᠦᠨ ᠤ ᠵᠣᠬᠢᠶᠠᠯ ᠪᠦᠲᠦᠭᠡᠯ ᠢ ᠰᠣᠳᠤᠯᠤᠨ ᠶᠠᠷᠢᠯᠴᠠᠬᠤ ᠪᠡᠷ ᠲᠠᠮᠵᠢᠭᠤᠯᠵᠤ᠂ ᠣᠳᠣᠬᠢᠴᠢ ᠦᠵᠡᠯ ᠤᠨ ᠤᠳᠬ ᠠ ᠵᠣᠬᠢᠶᠠᠯ ᠤᠨ ᠦᠵᠡᠯ ᠰᠠᠨᠠᠭ᠎ᠠ ᠪᠡ ᠤᠷᠠᠯᠢᠭ ᠤᠨ ᠣᠨᠴᠠᠯᠢᠭ ᠢ ᠶᠡᠷᠦᠩᠬᠡᠢᠢᠯᠡᠨ ᠲᠤᠳᠤᠷᠬᠠᠢᠯᠠᠬᠤ ᠪᠡᠷ ᠣᠷᠤᠯᠳᠤᠪᠠ᠃ ᠲᠡᠭᠡᠬᠦ ᠳ᠋ᠡᠭᠡᠨ ᠡᠩ ᠲᠡᠷᠢᠬᠦᠨ ᠳ᠋ᠤ ᠺᠠᠹᠺᠠ ᠶᠢᠨ ᠪᠠᠭ᠎ᠠ ᠨᠠᠰᠤᠨ ᠤ ᠠᠮᠢᠳᠤᠷᠠᠯ ᠤᠨ ᠣᠷᠴᠢᠨ ᠲᠤᠭᠤᠷᠢᠨ ᠪᠠ ᠵᠠᠩ ᠴᠢᠨᠠᠷ ᠡᠴᠡ ᠭᠠᠷᠳᠠᠵᠤ ᠲᠡᠭᠦᠨ ᠤ ᠵᠣᠬᠢᠶᠠᠯ ᠪᠦᠲᠦᠭᠡᠯ ᠤᠨ ᠬᠦᠭ ᠠᠶᠠᠰ᠂ ᠠᠨᠢᠷ ᠠᠮᠢᠰᠬᠤᠭ᠎ᠠ ᠵᠢ ᠦᠭᠦᠯᠡᠡ᠂ ᠲᠠᠷᠠᠭ᠎ᠠ ᠨᠢ ᠲᠡᠭᠦᠨ  ᠤ ᠵᠣᠬᠢᠶᠠᠯ ᠪᠦᠲᠦᠭᠡᠯ ᠤᠨ ᠠᠭᠤᠯᠭ᠎ᠠ ᠪᠣᠯᠤᠨ ᠤᠷᠠᠯᠢᠭ ᠤᠨ ᠦᠩᠭᠡ ᠪᠣᠳᠤᠭ ᠢ ᠦᠭᠦᠯᠡᠵᠡᠢ᠃ ᠬᠠᠮᠤᠭ ᠰᠡᠭᠦᠯ ᠳ᠋ᠤᠨᠢ 《ᠺᠠᠹᠺᠠ ᠮᠠᠶᠢᠭ ᠤᠨ ᠲᠤᠭᠤᠵᠢᠰ》 ᠤᠨ ᠤᠷᠠᠯᠢᠭ ᠤᠨ ᠣᠨᠴᠠᠯᠢᠭ ᠪᠣᠯᠤᠨᠲᠡᠭᠦᠨ ᠤ ᠨᠦᠯᠦᠭᠡ ᠲᠤᠰᠬᠠᠯ ᠢ ᠲᠤᠪᠴᠢᠯᠠᠨ ᠦᠭᠦᠯᠡᠪᠡ᠃
Original Literature No Original Paper
出自 内蒙古师范大学学报 1996年 第2期

联系我们


内蒙古大学图书馆
呼和浩特市大学西路235号
中国·内蒙古
P: (0471) 4992561
E: huangfeilong@imu.edu.cn