Title |
ᠬᠣᠷᠴᠢᠨ ᠠᠷᠠᠳ ᠤᠨ ᠲᠤᠭᠤᠵᠢᠰ ᠲᠡᠬᠢ ᠠᠬᠠᠰ ᠵᠠᠬᠠᠰ ᠢᠢᠡᠨ ᠬᠦᠨᠳᠦᠯᠡᠬᠦ ᠶᠤᠰᠤᠨ ᠢ ᠰᠤᠷᠲᠠᠯᠴᠢᠯᠠᠭᠰᠠᠨ ᠰᠤᠷᠭᠠᠨ ᠬᠦᠮᠦᠵᠢᠬᠦᠯᠬᠦ ᠦᠢᠯᠡᠳᠦᠯ ᠢ ᠰᠢᠨᠵᠢᠯᠡᠬᠦ ᠨᠢ |
Creator |
ᠲᠤᠤ ᠰᠢᠦ ᠬᠤᠸᠠ᠂ ᠳ᠋ᠠᠢ ᠲᠤᠶᠠᠭ᠎ᠠ |
Keyword |
ᠬᠣᠷᠴᠢᠨ ᠠᠷᠠᠳ ᠤᠨ ᠲᠠᠭᠤᠤ︔ ᠠᠬᠠᠰ ᠵᠠᠬᠠᠰ︔ ᠬᠦᠨᠳᠦᠯᠡᠬᠦ ᠶᠤᠰᠤᠨ︔ ᠰᠤᠷᠭᠠᠨ ᠬᠦᠮᠦᠵᠢᠬᠦᠯᠬᠦ |
Abstract |
ᠲᠠᠭᠤᠤ ᠤᠷᠠᠯᠢᠭ ᠤᠨ ᠰᠤᠷᠭᠠᠨ ᠬᠦᠮᠦᠵᠢᠬᠦᠯᠬᠦ ᠦᠢᠯᠡᠳᠦᠯ ᠨᠢ ᠭᠤᠤᠯᠳᠠᠭᠤ ᠰᠣᠨᠤᠰᠤᠨ ᠰᠸᠨᠢᠷᠬᠠᠭᠴᠢᠳ ᠤᠨ ᠲᠠᠭᠠᠰᠢᠶᠠᠨ ᠰᠣᠨᠢᠷᠬᠠᠬᠤ ᠠᠵᠢᠯᠯᠠᠭ᠎ᠠ ᠳ᠋ᠤ ᠲᠦᠰᠢᠭᠯᠡᠨ᠂ 《 ᠦᠨᠡᠨ》《 ᠰᠠᠢᠨ》 《 ᠰᠠᠢᠬᠠᠨ》 ᠤ ᠨᠣᠷᠮ ᠠ ᠵᠢ ᠬᠦᠷᠲᠡᠭᠡᠳᠡᠭ᠃ ᠦᠭᠦᠯᠡᠯ ᠳ᠋ᠤ᠂ ᠬᠣᠷᠴᠢᠨᠴᠤᠳ ᠡᠴᠡ ᠠᠷᠠᠳ ᠤᠨ ᠲᠠᠭᠤᠤ ᠳ᠋ᠤ ᠪᠠᠨ ᠰᠤᠷᠭᠠᠨ ᠬᠦᠮᠦᠵᠢᠯ ᠤᠨ ᠤᠳᠬ ᠠ ᠰᠠᠨᠠᠭ᠎ᠠ ᠪᠠᠨ ᠰᠢᠩᠭᠡᠭᠡᠵᠦ᠂ ᠦᠨᠡᠨ ᠲᠦᠷᠢ᠂ ᠪᠤᠳᠠᠳᠤ ᠬᠡᠷᠡᠭ ᠶᠠᠪᠤᠳᠠᠯ ᠢᠢᠡᠷ ᠲᠠᠮᠵᠢᠭᠤᠯᠵᠤ᠃ ᠡᠴᠢᠭᠡ ᠡᠬᠡ ᠪᠠᠨ ᠬᠦᠨᠳᠦᠯᠡᠬᠦ᠂ ᠠᠬᠠᠰ ᠵᠠᠬᠠᠰ ᠢᠢᠡᠨ ᠬᠠᠯᠠᠮᠵᠢᠯᠠᠵᠤ ᠠᠴᠢᠯᠠᠬᠤ ᠬᠦᠮᠦᠨ ᠤ ᠡᠰᠢ ᠶᠣᠰᠤᠨ ᠤ ᠬᠦᠮᠦᠵᠢᠯ᠂ ᠭᠡᠷ ᠪᠦᠯᠢ ᠶᠢᠨ ᠬᠦᠮᠦᠵᠢᠯ ᠢ ᠶᠠᠪᠤᠭᠳᠠᠭᠤᠯᠤᠨ᠂ ᠬᠦᠮᠦᠰ ᠲᠦ ᠤᠬᠠᠭᠠᠷᠠᠯ ᠰᠡᠭᠡᠭᠡᠷᠡᠯ ᠣᠯᠭᠤᠵᠤ᠂ ᠪᠤᠳᠠᠳᠤ ᠠᠮᠢᠳᠤᠷᠠᠯ ᠳᠤᠮᠳᠠ ᠪᠠᠨ ᠦᠯᠢᠭᠡᠷ ᠵᠢᠱᠢᠶ ᠡ ᠪᠣᠯᠭᠠᠬᠤ᠂ ᠨᠡᠢᠭᠡᠮ ᠠᠬᠤᠢ᠂ ᠬᠦᠮᠦᠨ ᠤ ᠬᠠᠷᠢᠴᠠᠭᠠᠨ ᠤ ᠲᠤᠬᠠᠢᠲᠠᠨᠢᠯᠲ ᠠᠪᠠᠨ ᠲᠡᠭᠡᠭᠰᠢᠯᠡᠬᠦᠯᠬᠦ ᠳ᠋ᠤ ᠨᠢ ᠨᠦᠯᠦᠭᠡ ᠪᠤᠯᠵᠤ ᠪᠠᠢᠭᠰᠠᠨ ᠢ ᠰᠢᠨᠵᠢᠯᠡᠨ ᠦᠭᠦᠯᠡᠵᠦ᠂ ᠬᠦᠮᠦᠰ ᠤᠨ ᠦᠵᠡᠯ ᠰᠠᠨᠠᠭ᠎ᠠ᠂ ᠬᠠᠢᠷ ᠠ ᠰᠡᠳᠬᠢᠯᠭᠡ᠂ ᠬᠦᠰᠡᠯ ᠬᠦᠭᠡᠭᠡᠴᠡᠯᠳᠦᠯ ᠳ᠋ᠤ ᠨᠢ ᠦᠯᠦ ᠮᠡᠳᠡᠭᠳᠡᠮ ᠠ ᠬᠣᠪᠢᠰᠤᠯᠲᠠ ᠵᠢ ᠡᠭᠦᠰᠭᠡᠵᠦ᠂ ᠬᠦᠮᠦᠰ ᠲᠤ ᠵᠦᠦ ᠠᠮᠢᠳᠤᠷᠠᠬᠤᠢ ᠶᠢᠨ ᠦᠵᠡᠯᠲᠡ ᠶᠢᠨ ᠣᠨᠴᠠᠯᠢᠭ ᠪᠠ ᠶᠢᠷᠲᠢᠨᠴᠦ ᠶᠢᠨ ᠦᠵᠡᠯᠲᠡ ᠵᠢ ᠪᠤᠢ ᠪᠣᠯᠭᠠᠬᠤ ᠳ᠋ᠤ ᠨᠢ ᠲᠤᠰᠠᠯᠠᠳᠠᠭ ᠭᠡᠬᠦ ᠦᠵᠡᠯᠲᠡ ᠵᠢ ᠲᠡᠪᠰᠢᠭᠦᠯᠦᠭᠰᠡᠨ ᠪᠠᠢᠨ᠎ᠠ᠃ |
Original Literature |
No Original Paper
|
出自 |
内蒙古民族大学学报(社会科学)
2024年
第4期
|