Title |
ᠬᠡᠯᠡᠨ ᠤ ᠨᠢᠬᠡᠴᠢ ᠪᠠ ᠤᠳᠬ ᠠ ᠶᠢᠨ ᠨᠢᠬᠡᠴᠢ ᠶᠢ ᠲᠡᠩᠴᠡᠭᠦᠯᠬᠦ ᠶᠢᠨ ᠤᠴᠢᠷ -ᠬᠢᠳᠠᠳ ᠰᠢᠯᠦᠭ ᠢ ᠮᠤᠩᠭ᠋ᠤᠯᠴᠢᠯᠠᠬᠰᠠᠨ ᠲᠤᠮᠳᠠ ᠡᠴᠡ ᠠᠵᠢᠬᠯᠠᠬᠰᠠᠨ ᠨᠢ |
Creator |
ᠡᠷᠳᠡᠮᠳᠤ |
Keyword |
ᠰᠢᠯᠥᠭ ᠤᠨ ᠤᠷᠴᠢᠭᠤᠯᠭ᠋ ᠠ ; ᠬᠡᠯᠡᠨ ᠤ ᠨᠢᠬᠡᠴᠢ ; ᠤᠳᠬ ᠠ ᠶᠢ ᠨᠢᠬᠡᠴᠢ |
Abstract |
ᠰᠢᠯᠦᠭ ᠬᠡᠪᠡᠯ ᠠᠯᠢᠪᠠ ᠤᠯᠤᠰ ᠤᠷᠤᠨ ᠤ ᠬᠡᠯᠡᠨ ᠳᠤ ᠪᠦᠷ ᠰᠡᠳᠬᠢᠬᠦᠢ ᠶᠢᠨ ᠬᠠᠮᠤᠬ ᠤᠨ ᠲᠡᠬᠡᠳᠤ ᠲᠥᠪᠯᠡᠷᠡᠭᠰᠡᠨ ᠢᠯᠡᠷᠡᠯ ᠬᠡᠵᠦ ᠶᠠᠷᠢᠬᠳᠠᠳᠠᠬ ᠲᠤᠯᠠ ᠰᠢᠯᠥᠭ ᠤᠨ ᠤᠷᠴᠢᠭᠤᠯᠭ᠋ ᠠ ᠬᠡᠪᠡᠯ ᠨᠡᠩ ᠬᠦᠨᠳᠦ ᠬᠡᠴᠡᠭᠦᠦ ᠪᠠᠶᠢᠳᠠᠬ ᠬᠡᠰᠡᠨ ᠬᠠᠮᠳᠤ ᠶᠢᠨ ᠲᠠᠨᠢᠯᠳᠠ ᠪᠦᠷᠢᠯᠳᠦᠵᠡᠢ᠃ ᠰᠢᠯᠥᠭ ᠲᠠᠭᠤᠯᠠᠯ ᠢ ᠬᠦᠮᠦᠰ ᠶᠡᠷᠤ ᠡᠴᠡ ᠪᠠᠨ ᠬᠡᠯᠪᠡᠷᠢ ᠪᠠ ᠰᠦᠭ ᠰᠦᠯᠳᠡ ᠶᠢ ᠬᠠᠮᠳᠤᠷᠠᠭᠤᠯᠤᠬᠰᠠᠨ᠂ ᠠᠭᠤᠯᠭ᠋ ᠠ ᠬᠡᠯᠪᠡᠷᠢ ᠶᠢᠨ ᠨᠢᠬᠡᠳᠦᠮᠡᠯ ᠴᠤᠬᠴᠠ ᠪᠤᠯᠬᠤ ᠤᠷᠠᠯᠢᠬ ᠤᠨ ᠪᠥᠳᠥᠬᠡᠭ᠍ᠳᠡᠭᠦᠨ ᠶᠢᠡᠷ ᠥᠵᠡᠳᠡᠭ ᠲᠤᠯᠠ ᠰᠢᠯᠥᠭ ᠢ ᠤᠷᠴᠢᠭᠤᠯᠬᠤ ᠳ᠋ᠠᠭᠠᠨ ᠠᠭᠤᠯᠭ᠋ ᠠ ᠶᠢ ᠲᠠᠯ ᠠ ᠪᠡᠷ ᠤᠬ ᠵᠤᠬᠢᠶᠠᠯ ᠳᠤ ᠥᠨᠡᠨᠴᠢ ᠰᠢᠳᠤᠷᠬᠤ ᠪᠠᠶᠢᠬᠤ ᠶᠢ ᠪᠠᠳᠤᠯᠠᠵᠦ᠂ ᠤᠬ ᠲᠦᠷᠢ ᠶᠢ ᠨᠢ ᠬᠠᠮᠤᠬ ᠶᠡᠬᠡ ᠬᠡᠮᠵᠢᠶᠡᠨ ᠳᠤ ᠬᠠᠳᠠᠭᠠᠯᠠᠵᠤ᠂ ᠬᠡᠯᠪᠡᠷᠢ ᠶᠢᠨ ᠠᠳᠠᠯᠢᠪᠳᠤᠷ ᠪᠤᠯᠬᠤ ᠶᠢᠨ ᠪᠠᠷᠢᠮᠳᠠᠯᠠᠵᠤ᠂ ᠤᠬ ᠬᠡᠯᠡᠨ ᠤ ᠤᠨᠴᠠᠯᠢᠬ ᠢ ᠤᠷᠴᠢᠭᠤᠯᠤᠬᠳᠠᠬᠤ ᠬᠡᠯᠡᠨ ᠤ ᠰᠤᠶᠤᠯ ᠠᠬᠤᠢ ᠳᠤ ᠠᠭᠤᠰᠭᠠᠨ ᠰᠢᠩᠬᠡᠬᠡᠬᠦ ᠶᠢ ᠤᠨᠴᠠ ᠠᠩᠬᠠᠷᠠᠬᠤ ᠬᠡᠳᠡᠭᠳᠡᠢ᠂ ᠡᠶᠢᠮᠦ ᠡᠴᠡ ᠬᠢᠳᠠᠳ ᠰᠢᠯᠥᠭ ᠢ ᠮᠤᠩᠭ᠋ᠤᠯ ᠶᠢᠡᠷ ᠤᠷᠴᠢᠭᠤᠯᠬᠤ ᠳᠤ ᠬᠤᠶᠠᠷ ᠬᠡᠯᠡᠨ ᠤ ᠬᠡᠯᠡ ᠪᠠ ᠤᠳᠬ ᠠ ᠶᠢ ᠨᠢᠬᠡᠴᠢ ᠶᠢᠨ ᠤᠨᠴᠠᠯᠢᠬ ᠰᠢᠨᠵᠢ ᠶᠢ ᠥᠨᠳᠥᠰᠥᠯᠡᠵᠦ᠂ ᠤᠩᠰᠢᠯᠭ᠋ ᠠ᠂ ᠬᠡᠯᠪᠡᠷᠢ ᠪᠠ ᠰᠠᠨᠠᠭ᠋ ᠠ ᠠᠬᠤᠢ ᠶᠢᠨ ᠭᠤᠤ ᠠ ᠰᠠᠶᠢᠬᠠᠨ ᠢ ᠪᠥᠳᠥᠬᠡᠬᠥ ᠨᠢ ᠬᠠᠮᠤᠬ ᠤᠨ ᠭᠤᠤᠯ ᠡᠭᠦᠷᠬᠡ ᠪᠤᠯᠬᠤ ᠶᠤᠮ᠃ |
Original Literature |
View Original Paper
|
出自 |
内蒙古民族大学学报(社会科学)
2010年
第4期
|