Title |
ᠮᠣᠩᠭᠤᠯᠴᠤᠳ ᠤᠨ ᠨᠤᠲᠤᠭ ᠠᠬᠤᠢᠯᠢᠢ ᠴᠡᠭᠡᠷᠲᠦ ᠦᠢᠯᠡ᠂ ᠵᠠᠪᠠᠯ ᠦᠢᠯᠡ ᠶᠢᠨ ᠲᠤᠬᠠᠢ |
Creator |
ᠠᠯᠳᠠᠨᠭᠠᠷᠠᠭ︔ ᠭᠠᠩᠭᠠᠮᠦ᠋ᠷᠡᠮ︔ ᠠᠩᠬᠢᠯᠤᠮᠠᠨᠴᠡᠴᠡᠭ᠌ |
Keyword |
ᠨᠤᠲᠤᠭ ᠠᠬᠤᠢᠯᠢᠭ ᠴᠡᠭᠡᠷᠲᠦ ᠦᠢᠯᠡ︔ ᠵᠠᠪᠠᠯ ᠦᠢᠯᠡ︔ ᠨᠤᠲᠤᠭ ᠠᠬᠤᠢ ᠶᠢᠨ ᠲᠡᠦᠬᠡ |
Abstract |
ᠮᠣᠩᠭᠤᠯᠴᠤᠳ ᠤᠨ ᠠᠬᠤᠢ ᠠᠮᠢᠳᠤᠷᠠᠯ ᠳ᠋ᠤ ᠤᠳᠤ ᠪᠤᠯᠲᠠᠯ ᠠ ᠪᠠᠷᠢᠮᠳᠠᠯᠠᠨ ᠤᠯᠠᠮᠵᠢᠯᠠᠭᠳᠠᠵᠤ ᠪᠠᠢᠭ᠎ᠠ ᠵᠠᠩ ᠦᠢᠯᠠ ᠳ᠋ᠤ ᠮᠠᠰᠢ ᠤᠯᠠᠨ ᠨᠤᠲᠤᠭ ᠠᠬᠤᠢ ᠵᠢ ᠬᠠᠮᠠᠭᠠᠯᠠᠬᠤ ᠦᠷ ᠡ ᠪᠦᠲᠦᠮᠵᠢ ᠪᠦᠬᠦᠢ ᠨᠤᠲᠤᠭ ᠠᠬᠤᠢᠯᠢᠭ ᠴᠡᠭᠡᠷᠲᠦ ᠦᠢᠯᠠ ᠪᠤᠶᠤ ᠵᠠᠪᠠᠯ ᠦᠢᠯᠡ ᠭᠡᠵᠦ ᠪᠠᠢᠳᠠᠭ ᠶᠤᠮ᠃ ᠦᠭᠦᠯᠠᠯ ᠳ᠋ᠤ ᠠᠮᠢ ᠠᠬᠤᠢ ᠶᠢᠨ ᠵᠦᠢ᠂ ᠨᠤᠲᠤᠭ ᠠᠬᠤᠢ ᠶᠢᠨ ᠲᠡᠦᠬᠡ ᠵᠦᠢ ᠶᠢᠨ ᠬᠠᠷᠭᠠᠰᠤ ᠡᠴᠡ ᠦᠪᠦᠷ ᠮᠣᠩᠭᠤᠯ ᠤᠨ ᠣᠯᠠᠨ ᠨᠤᠲᠤᠭ ᠲᠤ ᠪᠡᠶᠡᠴᠢᠯᠡᠨ ᠶᠠᠪᠤᠵᠤ ᠴᠤᠭᠯᠠᠭᠤᠯᠤᠭᠰᠠᠨ ᠪᠤᠷᠤ ᠮᠠᠲ᠋ᠸᠷᠢᠶᠠᠯ ᠪᠤᠯᠤᠨ ᠪᠢᠴᠢᠭ ᠰᠣᠷᠪᠤᠯᠵᠢ ᠤᠭᠰᠠᠭᠠᠲᠠᠨ ᠤ ᠤᠢᠯᠠᠯᠭ᠎ᠠ ᠳ᠋ᠤ ᠰᠠᠭᠤᠷᠢᠯᠠᠨ᠂ ᠮᠣᠩᠭᠤᠯᠴᠤᠳ ᠤᠨ ᠡᠨᠡ ᠬᠦ ᠵᠠᠩ ᠦᠢᠯᠡ ᠶᠢᠨ ᠣᠴᠢᠷ ᠬᠣᠯᠤᠭᠳᠠᠯ ᠢ ᠲᠠᠢᠯᠪᠤᠷᠢᠯᠠᠨ᠂ ᠨᠤᠲᠤᠭ ᠠᠬᠤᠢᠯᠢᠭ ᠦᠨ᠎ᠠ ᠦᠷᠲᠡᠭ ᠢ ᠨᠢ ᠦᠨᠡᠯᠡᠨ ᠦᠭᠦᠯᠡᠵᠦ᠂ ᠦᠪᠦᠷ ᠮᠣᠩᠭᠤᠯ ᠤᠨ ᠪᠠᠢᠭᠠᠯᠢ ᠨᠤᠲᠤᠭ ᠠᠬᠤᠢ ᠵᠢ ᠰᠡᠷᠭᠦᠭᠡᠨ ᠰᠠᠢᠵᠢᠷᠠᠭᠤᠯᠬᠤ ᠢᠨᠵᠸᠨ᠋ᠸᠷᠢᠩ ᠳ᠋ᠤ ᠤᠷᠤᠨ ᠨᠤᠲᠤᠭ ᠤᠨ ᠤᠯᠠᠮᠵᠢᠯᠠᠯᠲᠤ ᠤᠶᠤᠨ ᠤᠬᠠᠭᠠᠨ᠂ ᠮᠡᠳᠡᠯᠭᠡ ᠲᠤᠷᠰᠢᠯᠭ᠎ᠠ ᠵᠢ ᠤᠨᠤᠯᠵᠢᠭᠤᠯᠤᠨ ᠲᠡᠪᠰᠢᠬᠦᠯᠬᠦ ᠵᠢ ᠵᠤᠷᠢᠭᠰᠠᠨ ᠪᠠᠢᠨ᠃ |
Original Literature |
No Original Paper
|
出自 |
内蒙古民族大学学报(社会科学)
2024年
第1期
|