Paper Information


Title 《 ᠮᠣᠩᠭᠤᠯ ᠤᠨ ᠨᠢᠭᠤᠴᠠ ᠲᠣᠪᠴᠢᠶᠠᠨ》 ᠋ᠳ᠋ᠡᠬᠢ 《 ᠳ᠋ᠠᠢ᠂ ᠵᠢᠨ》 ᠳᠠᠭᠠᠪᠤᠷᠢ ᠳ᠋ᠤ ᠬᠣᠯᠪᠤᠭᠳᠠᠬᠤ ᠮᠣᠩᠭᠤᠯ ᠬᠦᠮᠦᠨ ᠤ ᠤᠪᠤᠭ ᠪᠠ ᠨᠡᠷ ᠠ ᠶᠢᠨ ᠲᠤᠬᠠᠢ ᠰᠢᠨᠵᠢᠯᠡᠬᠦ ᠨᠢ
Creator ᠪᠦᠬᠡᠳᠦᠳ ᠵᠣᠭᠰᠤᠨᠪᠠᠶᠠᠷ
Keyword ᠮᠣᠩᠭᠤᠯ ᠤᠨ ᠨᠢᠭᠤᠴᠠ ᠲᠣᠪᠴᠢᠶᠠᠨ︔ ᠡᠷᠲᠡᠨ ᠤ ᠮᠣᠩᠭᠤᠯᠴᠤᠳ᠂ ᠣᠪᠤᠭᠴᠢᠯᠠᠨ ᠨᠡᠷᠡᠯᠡᠬᠦ︔ 《 ᠳ᠋ᠠᠢ ᠵᠢᠨ》 ᠳᠠᠭᠠᠪᠤᠷᠢ
Abstract ᠮᠣᠩᠭᠤᠯᠴᠤᠳ ᠤᠨ ᠤᠪᠤᠭᠴᠢᠯᠠᠨ ᠨᠡᠷᠡᠯᠡᠬᠦ ᠵᠠᠨᠰᠢᠯ ᠪᠤᠯ ᠨᠢᠭᠡᠨ ᠡᠷᠲᠡ ᠳᠡᠭᠡᠳᠦ ᠦᠶ ᠡ ᠡᠴᠡ ᠤᠯᠠᠮᠵᠢᠯᠠᠵᠤ ᠢᠷᠡᠭᠰᠡᠨ ᠰᠣᠶᠤᠯ ᠤᠨ ᠦᠵᠡᠭᠳᠡᠯ ᠶᠤᠮ᠃ ᠮᠣᠩᠭᠤᠯ ᠬᠦᠮᠦᠨ ᠤ ᠣᠪᠤᠭᠴᠢᠯᠠᠭᠰᠠᠨ ᠨᠡᠷᠡᠢᠳᠦᠯ ᠳ᠋ᠤ᠂ ᠦᠪᠡᠷ ᠤᠨ ᠤᠨ ᠨᠡᠷ ᠠ᠂ ᠤᠪᠤᠭ ᠤᠨ ᠨᠡᠷ ᠠ ᠪᠤᠯᠤᠨ ᠤᠪᠤᠭ ᠤᠨ ᠲᠡᠮᠳᠡᠭ ᠭᠡᠬᠦ ᠭᠤᠷᠪᠠᠨ ᠠᠭᠤᠯᠭ᠎ᠠ ᠬᠣᠯᠪᠤᠭᠳᠠᠨ ᠪᠠᠭᠲᠠᠭᠠᠭᠳᠠᠵᠤ ᠪᠠᠢᠬᠤ ᠪᠦᠭᠡᠳ《 ᠤᠪᠤᠭ ᠤᠨ ᠲᠡᠮᠳᠡᠭ+ ᠦᠪᠡᠷ ᠤᠨ ᠨᠡᠷ ᠠ》 ᠭᠡᠬᠦ ᠦᠨᠳᠦᠰᠦᠨ ᠪᠦᠲᠦᠴᠡ ᠲᠤᠭᠲᠠᠯᠴᠠᠭ᠎ᠠ ᠲᠠᠢ ᠪᠠᠢᠳᠠᠭ᠃ ᠡᠷᠲᠡᠨ ᠤ ᠮᠣᠩᠭᠤᠯᠴᠤᠳ ᠤᠨ ᠦᠪᠡᠷ ᠤᠨ ᠨᠡᠷ ᠠ ᠪᠤᠯᠤᠨ ᠤᠪᠤᠭ ᠤᠨ ᠲᠡᠮᠳᠡᠭ ᠲᠤ 《 ᠳ᠋ᠠᠢ᠂ ᠵᠢᠨ》 ᠢᠢᠡᠷ ᠲᠠᠭᠠᠪᠤᠷᠢᠴᠢᠯᠠᠬᠤ ᠪᠠᠢᠳᠠᠯ ᠵᠦᠩᠳᠡᠭᠡᠨ ᠪᠠᠢᠳᠠᠭ ᠪᠤᠯᠪᠠᠴᠤ ᠤᠪᠤᠭ ᠤᠨ ᠨᠡᠷ ᠠ ᠳ᠋ᠤ ᠡᠢᠮᠦ ᠪᠠᠢᠳᠠᠯ ᠶᠡᠷᠦ ᠬᠠᠷᠠᠭᠳᠠᠳᠠᠭ ᠦᠭᠡᠢ᠃ ᠬᠡᠷᠪᠡ ᠲᠡᠭᠦᠨ ᠢ ᠦᠪᠡᠷ ᠤᠨ ᠨᠡᠷ ᠠ᠂ ᠤᠪᠤᠭ ᠤᠨ ᠨᠡᠷ ᠡ ᠪᠤᠯᠤᠨ ᠤᠪᠤᠭ ᠤᠨ ᠲᠡᠮᠳᠡᠭ ᠭᠡᠬᠦ ᠭᠤᠷᠪᠠᠨ ᠲᠠᠯ ᠠ ᠡᠴᠡ ᠲᠤᠳᠤᠷᠬᠠᠢ ᠠᠩᠬᠢᠯᠠᠨ ᠰᠠᠯᠭᠠᠵᠤ ᠵᠠᠳᠠᠯᠤᠨ ᠰᠢᠨᠵᠢᠯᠡᠪᠡᠯ᠂ ᠡᠭᠡᠷᠡᠭᠡᠡ ᠪᠤᠲᠤᠯᠢᠶᠠᠨ ᠢ ᠡᠭᠦᠰᠭᠡᠬᠦ ᠦᠭᠡᠢ ᠪᠦᠭᠡᠳ ᠵᠦᠪ ᠤᠢᠯᠠᠭᠠᠯᠲᠠ ᠲᠠᠢ ᠪᠤᠯᠵᠤ᠂ ᠨᠡᠩ ᠣᠨᠤᠪᠴᠢᠲᠠᠢ ᠲᠠᠢᠯᠪᠤᠷᠢᠯᠠᠯᠲᠠ ᠬᠢᠵᠦ ᠳᠡᠢᠯᠬᠦ ᠶᠤᠮ᠃
Original Literature No Original Paper
出自 内蒙古民族大学学报(社会科学) 2023年 第4期

联系我们


内蒙古大学图书馆
呼和浩特市大学西路235号
中国·内蒙古
P: (0471) 4992561
E: huangfeilong@imu.edu.cn