Paper Information


Title ᠬᠣᠣᠰ ᠶᠣᠰᠣᠨ ᠤ ᠰᠤᠷᠭᠠᠯ ᠢᠢᠡᠷ ᠲᠦᠷᠦ ᠵᠠᠰᠠᠵᠤ ᠢᠷᠡᠭ᠍ᠰᠡᠨ ᠤᠯᠠᠮᠵᠢᠯᠠᠯ
Creator 〔ᠮᠣᠩᠭᠣᠯ〕ᠱ‍᠂ ᠴᠣᠢ᠌ᠮ᠎ᠠ
Keyword ᠬᠣᠣᠰ ᠶᠣᠰᠣᠨ ᠤ ᠰᠤᠷᠭᠠᠯ; ᠲᠦᠷᠦ ᠵᠠᠰᠠᠬᠤ ᠤᠯᠠᠮᠵᠢᠯᠠᠯ
Abstract ᠬᠣᠣᠰ ᠶᠣᠰᠣᠨ ᠤ ᠰᠤᠷᠭᠠᠯ ᠬᠡᠮᠡᠬᠦ ᠨᠢ ᠦᠩᠭᠡᠴᠡ ᠬᠠᠭᠤᠳᠠᠮ ᠢᠢᠡᠷ ᠵᠦᠪᠬᠡᠨ ᠱᠠᠰᠢᠨ ᠲᠦᠷᠦ ᠬᠣᠶᠠᠭᠤᠯᠠ ᠵᠢ ᠲᠡᠭ᠍ᠰᠢᠳᠡ ᠠᠭᠤᠯᠬᠤ ᠶᠣᠰᠣ ᠬᠡᠮᠡᠨ ᠤᠬᠠᠭᠠᠷᠠᠵᠤ ᠦᠯᠦ ᠪᠣᠯᠣᠨ᠎ᠠ᠃ ᠡᠨᠡ ᠰᠤᠷᠭᠠᠯ ᠨᠢ ᠬᠠᠭᠠᠳ᠂ ᠨᠣᠶᠠᠳ᠂ ᠲᠦᠰᠢᠮᠡᠳ᠂ ᠢᠵᠠᠭᠤᠷᠳᠠᠨ᠂ ᠬᠠᠷᠠᠴᠤ ᠠᠯᠪᠠᠳᠤ᠂ ᠯᠠᠮᠠ ᠬᠤᠸᠠᠷᠠᠭ ᠠᠯᠢᠨ ᠨᠢ ᠴᠣ ᠬᠡᠮᠡᠭ᠍ᠰᠡᠨ ᠪᠡᠶ᠎ᠡ᠂ ᠬᠡᠯᠡ ᠰᠡᠳᠭᠢᠯ ᠢᠢᠡᠷ ᠦᠢᠯᠡᠳᠬᠦ ᠠᠯᠢᠪᠠ ᠦᠢᠯᠡ ᠪᠠᠨ ᠪᠣᠶᠠᠨ᠂ ᠨᠢᠭᠦᠯ ᠤᠨ ᠦᠷ᠎ᠡ ᠳᠠᠭᠠᠪᠤᠷᠢ ᠪᠡᠷ ᠰᠢᠨᠵᠢᠯᠡᠵᠤ᠂ ᠰᠡᠳᠭᠢᠯ ᠢᠢᠡᠷ ᠠᠷᠢᠭᠤᠰᠭᠠᠬᠤ ᠵᠢ ᠨᠠᠰᠤᠳᠠ ᠬᠢᠴᠢᠶᠡᠵᠤ᠂ ᠠᠪᠬᠤ ᠭᠡᠭᠡᠬᠦ ᠢᠢᠨ ᠤᠬᠠᠭᠠᠨ ᠢᠢᠡᠷ ᠲᠤᠩᠭᠠᠵᠤ᠂ ᠪᠠᠰᠠ ᠲᠤᠰ ᠲᠤᠰ ᠤᠨ ᠢᠵᠠᠭᠤᠷ ᠤᠨ ᠰᠤᠷᠳᠠᠬᠤᠨ ᠢᠢᠡᠷ ᠰᠡᠭᠡᠵᠤ ᠶᠠᠪᠤᠬᠤ ᠵᠢ ᠰᠤᠷᠭᠠᠭᠰᠠᠨ ᠶᠠᠪᠤᠳᠠᠯ ᠮᠦᠷ ᠤᠨ ᠴᠣᠭᠴᠠ ᠬᠦᠳᠦᠯᠪᠦᠷᠢ ᠶᠤᠮ᠃ ᠬᠣᠣᠰ ᠶᠣᠰᠣᠨ ᠤ ᠰᠤᠷᠭᠠᠯ ᠢᠢᠡᠷ ᠶᠠᠪᠤᠳᠠᠯ ᠮᠦᠷ ᠢᠢᠨ ᠵᠠᠰᠠᠵᠤ ᠴᠢᠳᠠᠪᠠᠰᠤ ᠬᠦᠮᠦᠨ ᠤ ᠰᠡᠳᠭᠢᠯ ᠠᠶᠤᠬᠤ ᠢᠴᠢᠬᠦ ᠮᠡᠳᠡᠷᠡᠮᠵᠢ ᠵᠢ ᠵᠢᠯᠤᠭᠤᠳᠴᠤ ᠪᠣᠯᠣᠨ᠎ᠠ᠃ ᠠᠶᠤᠬᠤ ᠮᠡᠳᠡᠷᠡᠮᠵᠢ ᠲᠠᠢ ᠬᠦᠮᠦᠨ ᠬᠠᠤᠯᠢ ᠴᠠᠭᠠᠵᠠ ᠵᠢ ᠦᠯᠦ ᠵᠦᠷᠢᠴᠡᠨ᠎ᠡ᠃ ᠢᠴᠢᠬᠦ ᠮᠡᠳᠡᠷᠡᠮᠵᠢ ᠲᠠᠢ ᠬᠦᠮᠦᠨ ᠪᠢᠴᠢᠭ᠍ᠳᠡᠭᠡ ᠦᠭᠡᠢ ᠬᠠᠤᠯᠢ ᠪᠣᠯᠣᠭᠰᠠᠨ ᠬᠦᠮᠦᠨ ᠤ ᠶᠣᠰᠣ ᠵᠢ ᠦᠯᠦ ᠭᠠᠵᠢᠭᠤᠳᠠᠭᠤᠯᠤᠨ᠎ᠠ᠃
Original Literature View Original Paper
出自 内蒙古大学学报 2010年 第3期

联系我们


内蒙古大学图书馆
呼和浩特市大学西路235号
中国·内蒙古
P: (0471) 4992561
E: huangfeilong@imu.edu.cn