Title |
《ᠭᠡᠰᠡᠷ ᠤᠨ ᠲᠤᠭᠤᠵᠢ 》 ᠳ᠋ᠡᠬᠢ ᠠᠩ ᠠᠩᠨᠠᠯ ᠤᠨ ᠠᠵᠤ ᠠᠬᠤᠢ ᠪᠡᠷ ᠢᠯᠡᠷᠡᠭᠰᠡᠨ ᠠᠮᠢ ᠠᠬᠤᠢ ᠶᠢᠨ ᠦᠵᠡᠯ ᠤᠬᠠᠮᠰᠠᠷ ᠢ ᠦᠭᠦᠯᠡᠬᠦ ᠨᠢ |
Creator |
ᠰᠡᠴᠡᠨ |
Keyword |
《 ᠭᠡᠰᠡᠷ ᠤᠨ ᠲᠤᠭᠤᠵᠢ》︔ᠠᠩ ᠠᠩᠨᠠᠯ︔ ᠠᠮᠢ ᠠᠬᠤᠢ︔ ᠦᠵᠡᠯ ᠤᠬᠠᠮᠰᠠᠷ |
Abstract |
《ᠭᠡᠰᠡᠷ ᠤᠨ ᠲᠤᠭᠤᠵᠢ》 ᠳ᠋ᠡᠬᠢ ᠠᠩ ᠠᠩᠩᠠᠯ ᠤᠨ ᠠᠷᠭ᠎ᠠ ᠬᠡᠯᠪᠡᠷᠢ ᠵᠢ ᠬᠦᠮᠦᠨ ᠪᠠ ᠠᠮᠢᠲᠠᠨ ᠤ ᠶᠢᠷᠲᠢᠨᠴᠦ ᠶᠢᠨ ᠬᠤᠭᠤᠷᠤᠨᠳᠤᠬᠢ ᠠᠮᠢ ᠠᠬᠤᠢ ᠶᠢᠨ ᠬᠠᠷᠢᠴᠠᠭ᠎ᠠ ᠬᠣᠯᠪᠤᠭ᠎ᠠ ᠵᠢ ᠢᠯᠡᠷᠡᠬᠦᠯᠵᠦ ᠪᠠᠢᠳᠠᠭ᠃ ᠦᠭᠦᠯᠡᠯ ᠳ᠋ᠤ《 ᠭᠡᠰᠡᠷ ᠤᠨᠲ ᠤᠭᠤᠵᠢ》 ᠳ᠋ᠤ ᠢᠯᠡᠷᠡᠭᠰᠡᠨ ᠠᠩ ᠠᠩᠨᠠᠯ ᠨᠢ ᠡᠬᠢᠨ ᠤ ᠱᠠᠳᠤᠨ ᠳ᠋ᠤ ᠪᠠᠨ ᠠᠩ ᠤᠨ ᠮᠢᠬᠭᠠ ᠪᠡᠷ ᠢᠳᠡᠭᠡᠨ ᠪᠤᠯᠭᠠᠵᠤ᠂ ᠠᠷᠠᠰᠤ ᠬᠦᠷᠦᠰᠦ ᠪᠡᠷ ᠨᠢ ᠬᠤᠪᠴᠠᠰᠤ ᠬᠢᠬᠦ ᠠᠮᠢ ᠠᠬᠤᠢ ᠶᠢᠨ ᠪᠤᠳᠠᠳᠤ ᠬᠡᠷᠡᠭᠴᠡᠭᠡ ᠳ᠋ᠤ ᠵᠣᠷᠢᠭᠤᠯᠵᠤ ᠪᠠᠢᠭᠰᠠᠨ ᠪᠤᠯ᠂ ᠦᠢᠯᠳᠪᠦᠷᠢᠯᠡᠯ ᠤᠨ ᠬᠦᠴᠦᠨ ᠤ ᠳᠡᠭᠡᠭᠰᠢᠯᠡᠯᠡᠲᠡ ᠵᠢ ᠳᠠᠭᠠᠯᠲᠤᠨ᠂ ᠠᠩᠩᠠᠯ ᠤᠨ ᠬᠦᠷᠢᠶ ᠡ ᠬᠡᠪᠴᠢᠶ ᠡ ᠦᠷᠭᠡᠵᠢᠵᠦ᠂ ᠠᠩ ᠤᠨ ᠣᠯᠵᠠ ᠨᠡᠮᠭᠳᠡᠭᠡᠳ᠂ ᠬᠤᠭᠤᠯᠠ ᠬᠦᠨᠡᠰᠦᠨ ᠤ ᠬᠡᠷᠡᠷᠭᠴᠡᠭᠡ ᠪᠠᠨ ᠬᠠᠩᠭᠠᠭᠰᠠᠨ ᠢᠢᠡᠷ ᠦᠯᠦ ᠪᠠᠷᠠᠮ ᠠᠩ ᠤᠨ ᠠᠰᠢᠭ ᠰᠢᠮ ᠠ ᠵᠢ ᠠᠰᠢᠯᠠᠭᠬᠤ ᠬᠡᠪᠴᠢᠶ ᠡ ᠨᠢ ᠲᠠᠯᠠᠷᠠᠵᠦ᠂ ᠠᠷᠢᠶᠠᠳᠠᠨ ᠬᠦᠷᠦᠭᠡᠰᠦᠨ ᠤ ᠠᠷᠠᠰᠤ ᠶᠠᠰᠤ ᠪᠡᠷ ᠤᠷᠤᠨ ᠰᠠᠭᠤᠴᠠ ᠪᠠᠨᠵᠠᠰᠠᠵᠤ ᠴᠴᠢᠮᠡᠬᠦ᠂ ᠡᠳ᠋ᠯᠡᠯ ᠬᠡᠷᠡᠭᠰᠡᠯ ᠬᠢᠬᠦ᠂ ᠨᠠᠭᠠᠳᠤᠮ ᠲᠤᠭᠯᠠᠭᠠᠮ ᠳ᠋ᠤ ᠠᠰᠢᠭᠯᠠᠵᠤ ᠡᠳ᠋ᠯᠡᠬᠦ ᠪᠤᠯᠤᠭᠰᠠᠨ ᠪᠠᠢᠳᠠᠯ ᠢ ᠵᠠᠳᠠᠯᠤᠨ ᠰᠢᠨᠵᠢᠯᠡᠵᠦ᠂《 ᠭᠡᠰᠡᠷ ᠤᠨ ᠲᠤᠭᠤᠵᠢ》 ᠶᠢᠨ ᠠᠩ ᠠᠩᠨᠠᠯ ᠤᠨ ᠠᠵᠤ ᠠᠬᠤᠢ ᠪᠡᠷ ᠢᠯᠡᠷᠡᠭᠰᠡᠨ ᠠᠮᠳᠤᠷᠠᠵᠤ ᠤᠷᠤᠰᠢᠬᠤ ᠠᠮᠢ ᠠᠬᠤᠢ ᠶᠢᠨ ᠦᠵᠡᠯ ᠤᠬᠠᠮᠰᠠᠷ ᠢ ᠰᠦᠪᠡᠭᠴᠢᠯᠡᠭᠰᠡᠨ ᠪᠠᠢᠨ᠎ᠠ᠃ |
Original Literature |
No Original Paper
|
出自 |
蒙古学研究
2023年
第4期
|