Title |
《 ᠮᠣᠩᠭᠤᠯ ᠤᠨ ᠨᠢᠭᠤᠴᠠ ᠲᠣᠪᠴᠢᠶᠠᠨ》 ᠳ᠋ᠡᠬᠢ《 ᠴᠢᠨᠠᠰᠤᠨ ᠺᠦᠷᠪᠡᠭᠦᠳᠡᠢ ᠲᠠᠯᠠᠨ ᠲᠤᠬᠤᠬᠤᠳ ᠪᠣᠴᠠᠭᠯᠠᠵᠤ》 ᠬᠡᠮᠡᠬᠦ ᠬᠡᠯᠯᠡᠭᠡ ᠵᠢ ᠲᠤᠷᠰᠢᠨ ᠦᠭᠦᠯᠡᠬᠦ ᠨᠢ |
Creator |
ᠠ᠂ᠫᠦᠷᠪᠦᠱ |
Keyword |
《 ᠲᠣᠪᠴᠢᠶᠠᠨ》︔ ᠴᠢᠨᠠᠰᠤᠨ ᠺᠦᠷᠪᠡᠭᠦᠲᠡᠢ︔ ᠲᠠᠯᠠᠨ ᠲᠣᠬᠤᠬᠤᠳ ᠪᠤᠴᠠᠯᠠᠵᠤ |
Abstract |
ᠦᠭᠦᠯᠡᠯ ᠳ᠋ᠤ ᠵᠤᠬᠢᠶᠠᠭᠴᠢ ᠡᠴᠡ《 ᠮᠣᠩᠭᠤᠯ ᠤᠨᠨᠢᠭᠤᠴᠠ ᠲᠣᠪᠴᠢᠶᠠᠨ》 ᠤ 129ᠳ᠋ᠤᠬᠡᠷ ᠵᠦᠢᠯ ᠳ᠋ᠡᠬᠢ 《 ᠴᠢᠨᠠᠰᠤᠨ ᠺᠦᠷᠪᠡᠭᠦᠳᠡᠢ ᠲᠠᠯᠠᠨ ᠲᠤᠬᠤᠬᠤᠳ ᠪᠣᠴᠠᠯᠬᠠᠵᠤ᠂ ᠨᠡᠭᠦᠳᠡᠢ ᠴᠠᠬᠠᠭᠠᠨ ᠣᠤ ᠠ ᠶᠢᠨ ᠲᠡᠷᠢᠬᠦ ᠢᠨᠦ ᠡᠾᠤᠭᠳᠤᠯᠵᠤ ᠮᠤᠷᠢᠨᠤ ᠰᠡᠭᠦᠯ ᠳ᠋ᠤᠷ ᠴᠢᠷᠴᠦ ᠤᠳᠴᠤᠬᠤᠢ》 ᠭᠡᠰᠡᠡ ᠬᠡᠯᠡᠯᠭᠡ ᠳ᠋ᠤ ᠰᠡᠵᠢᠭ ᠲᠦᠷᠦᠵᠦ᠂ ᠲᠡᠭᠦᠨᠴᠢᠯᠡᠨ 《 ᠴᠢᠨᠠᠰᠤᠨ ᠺᠦᠨᠪᠡᠭᠦᠳᠡᠢ ᠲᠠᠯᠠᠨ ᠲᠤᠬᠤᠬᠤᠳ ᠪᠣᠴᠠᠯᠠᠵᠤ》 ᠭᠡᠬᠦ ᠬᠡᠯᠯᠡᠭᠡ ᠵᠢ ᠲᠡᠦᠬᠡ ᠶᠢᠨ ᠬᠡᠷᠡᠭ ᠶᠠᠪᠤᠳᠠᠯ ᠤᠨ ᠲᠤᠩᠭᠤᠷᠠᠭᠤ ᠰᠡᠳᠬᠢᠴᠡ ᠳ᠋ᠤ ᠰᠠᠭᠤᠷᠢᠯᠠᠨ᠂ 《 ᠴᠢᠨᠠᠰᠤᠨ ᠺᠦᠷᠪᠡᠭᠦᠳᠡᠢ》 ᠪᠠ 《 ᠳᠠᠯᠠᠨ ᠲᠤᠬᠤᠬᠤᠳ》 ᠭᠡᠬᠦ ᠨᠢ ᠣᠪᠤᠭ ᠠᠢᠮᠠᠭ ᠤᠨ ᠨᠡᠷ ᠠ ᠭᠡᠵᠦ ᠦᠵᠡᠵᠦ᠂《ᠪᠣᠴᠠᠯᠬᠠᠵᠤ》 ᠬᠡᠮᠡᠬᠦ ᠦᠭᠡ ᠨᠢ ᠤᠢᠷᠠᠳ᠂ ᠣᠷᠳᠤᠰ᠂ ᠬᠦᠬᠡᠨᠠᠭᠤᠷ ᠵᠡᠷᠭᠡ ᠨᠤᠲᠤᠭ ᠤᠨ ᠳᠤᠮᠳᠠ ᠣᠳᠤ ᠪᠡᠷ ᠶᠠᠷᠢᠭᠳᠠᠵᠤ ᠪᠠᠢᠭᠠ ᠦᠭᠡ ᠠᠶᠠᠯᠭᠤ ᠲᠠᠢ ᠲᠤᠯᠭᠠᠨ ᠬᠠᠷᠢᠴᠠᠭᠤᠯᠬᠤ ᠪᠡᠷ ᠳᠠᠮᠵᠢᠨ᠂ 《ᠴᠢᠨᠠᠰᠤᠨ ᠺᠦᠷᠪᠡᠭᠦᠳᠡᠢ ᠲᠠᠯᠠᠨ ᠲᠤᠴᠬᠤᠭᠤᠳ ᠪᠣᠴᠠᠯᠬᠠᠵᠤ ᠴᠠᠬᠠᠭᠠᠨ ᠣᠤ ᠠ ᠶᠢᠨ ᠲᠡᠷᠢᠬᠦ ᠢᠨᠤ ᠰᠡᠭᠦᠯ ᠳ᠋ᠤᠷ ᠴᠢᠷᠴᠤ ᠣᠳᠴᠤᠬᠤᠢ》 ᠭᠡᠬᠦ ᠬᠡᠯᠯᠡᠭᠡ ᠵᠢ ᠣᠷᠴᠢᠨ ᠴᠠᠭ ᠤᠨ ᠮᠣᠩᠭᠤᠯ ᠬᠡᠯᠡᠨ ᠳ᠋ᠤ 《ᠴᠢᠨᠤᠰ ᠣᠪᠤᠭᠲᠠᠨ ᠤ ᠪᠠᠭᠠ ᠬᠦᠪᠡᠭᠦᠳ ᠲᠤ ᠠᠭᠤᠷ ᠣᠮᠤᠭ ᠢᠢᠡᠷ ᠭᠠᠷᠭᠠᠵᠤ᠂ ᠲᠠᠯᠠᠨ ᠲᠤᠭᠤᠴᠢᠳ ᠤᠴᠨ ᠬᠤᠭᠤᠯᠠ ᠬᠦᠨᠡᠰᠦ ᠡᠳ᠋ ᠪᠤᠳᠠᠰ ᠢ ᠪᠤᠯᠢᠶᠠᠨ ᠲᠡᠭᠡᠷᠡᠮᠳᠡᠵᠦ᠂ ᠴᠠᠭᠠᠨ ᠣᠤ ᠠ ᠶᠢᠨ ᠲᠤᠯᠤᠭᠠᠢ ᠵᠢ ᠨᠢ ᠤᠭᠲᠤᠯᠵᠤ ᠮᠣᠷᠢᠨ ᠤ ᠰᠡᠭᠦᠯ ᠳ᠋ᠤᠷ ᠴᠢᠷᠴᠦ ᠶᠠᠪᠤᠵᠠᠢ》 ᠭᠡᠵᠦ ᠣᠷᠴᠢᠭᠤᠯᠠᠨ ᠪᠠᠭᠤᠯᠭᠠᠪᠠᠯ ᠰᠠᠶᠢ ᠤᠨᠤᠭᠭᠠᠰᠠᠨ ᠵᠦᠪ ᠲᠠᠢᠯᠪᠤᠷᠢ ᠪᠤᠯᠤᠨᠠ ᠭᠡᠬᠦ ᠦᠵᠡᠯᠲᠡ ᠪᠠᠨ ᠲᠡᠪᠰᠢᠭᠦᠯᠪᠡ᠃ |
Original Literature |
No Original Paper
|
出自 |
蒙古学研究
2024年
第1期
|