Paper Information


Title ᠴᠢᠩᠬᠢᠰ ᠬᠠᠭᠠᠨ ᠤ 《ᠨᠦᠬᠦᠴᠡᠬᠦ》ᠦᠵᠡᠯ ᠰᠠᠨᠠᠭᠠᠨ ᠤ ᠪᠤᠢ ᠪᠣᠯᠤᠭᠰᠠᠨ ᠨᠦᠬᠦᠴᠡᠯ ᠤᠨ ᠲᠣᠬᠠᠢ
Creator ᠬᠠᠰᠪᠠᠭᠠᠨ᠎ᠠ
Keyword ᠴᠢᠩᠬᠢᠰ ᠬᠠᠭᠠᠨ; ᠨᠦᠬᠦᠴᠡᠬᠦ ᠦᠵᠡᠯ ᠰᠠᠨᠠᠭ᠎ᠠ; ᠪᠡᠶᠡᠴᠢ ᠪᠣᠰᠤᠳᠴᠢ ᠨᠦᠬᠦᠴᠡᠯ
Abstract ᠴᠢᠩᠬᠢᠰ ᠬᠠᠭᠠᠨ ᠪᠣᠯ ᠲᠡᠦᠬᠡᠨ ᠲᠡᠭᠡᠷᠡᠬᠢ ᠬᠠᠮᠤᠭ ᠤᠨ ᠰᠢᠯᠢᠳᠡᠭ ᠵᠣᠬᠢᠶᠠᠨᠪᠠᠢᠭᠤᠯᠬᠤ ᠴᠢᠳᠠᠪᠤᠷᠢᠲᠤ ᠤᠯᠤᠰ ᠲᠦᠷᠦᠴᠢᠨ ᠮᠦᠨ᠃ ᠴᠢᠩᠬᠢᠰ ᠬᠠᠭᠠᠨ ᠤ ᠵᠣᠬᠢᠶᠠᠨ ᠪᠠᠢᠭᠤᠯᠬᠤ ᠠᠪᠢᠶᠠᠨ ᠴᠢᠳᠠᠪᠤᠷᠢ ᠨᠢ ᠨᠡᠩ ᠲᠡᠷᠢᠬᠦᠨ ᠳ᠋ᠤ ᠲᠡᠭᠦᠨ ᠤ ᠲᠤᠯᠭᠠᠭᠤᠷᠢ ᠲᠦᠰᠢᠭ ᠬᠦᠴᠦᠨ- ᠨᠦᠬᠦᠳ ᠪᠦᠯᠬᠦᠮ ᠢ ᠪᠠᠢᠭᠤᠯᠤᠭᠰᠠᠨ ᠳ᠋ᠤ ᠨᠢ ᠢᠯᠡᠷᠡᠵᠦ ᠪᠠᠢᠭᠰᠠᠨ ᠨᠢ ᠭᠠᠷᠴᠠᠭ᠎ᠠ ᠦᠭᠡᠢ ᠃ᠴᠢᠩᠬᠢᠰ ᠬᠠᠭᠠᠨ ᠮᠣᠩᠭᠤᠯ ᠤᠨ ᠤᠯᠠᠨ ᠠᠢᠮᠠᠭ ᠢ ᠨᠢᠭᠡᠳᠭᠡᠨ᠂ ᠨᠢᠭᠡᠨ ᠭᠡᠷ ᠤᠯᠤᠰ ᠪᠣᠯᠭᠠᠬᠤ ᠳ᠋ᠤ ᠨᠦᠬᠦᠳ ᠢᠢᠡᠷ ᠢᠢᠡᠨ ᠦᠪᠡᠷ ᠢ ᠪᠠᠨ ᠬᠦᠷᠢᠶᠡᠯᠡᠬᠦᠯᠵᠦ᠂ ᠨᠦᠬᠦᠳ ᠲᠦ ᠪᠠᠨ ᠤᠢᠷ ᠠ ᠲᠤᠳᠤᠨᠤ ᠪᠠᠢᠵᠤ᠂ ᠲᠡᠳᠡᠨ ᠤ ᠲᠤᠰᠠᠯᠠᠮᠵᠢ ᠲᠡᠮᠵᠢᠯᠭᠡ ᠳ᠋ᠤ ᠲᠤᠯᠭᠠᠭᠤᠷᠢᠯᠠᠵᠤ ᠪᠠᠢᠭᠰᠠᠨ ᠨᠢ ᠲᠡᠭᠦᠨ ᠤ ᠢᠠᠯᠠᠯᠲᠠ ᠶᠢᠨ ᠦᠨᠳᠦᠰᠦᠨ ᠰᠢᠯᠲᠠᠭᠠᠨ ᠪᠣᠯᠵᠤ ᠪᠠᠢᠭᠰᠠᠨ ᠶᠣᠮ᠃ ᠡᠢᠮᠦ ᠡᠴᠡ ᠲᠡᠭᠦᠨ ᠤ 《ᠨᠦᠬᠦᠴᠡᠬᠦ》ᠦᠵᠡᠯ ᠰᠠᠨᠠᠭᠠᠨ ᠤ ᠪᠤᠢ ᠪᠣᠯᠤᠭᠰᠠᠨ ᠰᠢᠯᠲᠠᠭᠠᠨ ᠢ ᠰᠣᠳᠤᠯᠬᠤ ᠨᠢ ᠲᠤᠩ ᠴᠢᠬᠤᠯᠠ ᠤᠨᠤᠯ ᠪᠠ ᠦᠢᠯᠡᠳᠦᠯᠭᠡ ᠶᠢᠨ ᠠᠴᠢ ᠬᠣᠯᠪᠤᠭᠳᠠᠯ ᠲᠠᠢ ᠃
Original Literature View Original Paper
出自 蒙古学研究 2014年 第4期

联系我们


内蒙古大学图书馆
呼和浩特市大学西路235号
中国·内蒙古
P: (0471) 4992561
E: huangfeilong@imu.edu.cn