Title |
ᠪᠦᠭᠡ ᠶᠢᠨ ᠰᠠᠭᠤᠳᠠᠯ ᠤᠨ ᠡᠪᠡᠳᠴᠢᠨ ᠳᠤ ᠨᠡᠷᠪᠡᠭ᠍ᠳᠡᠭᠰᠡᠳ ᠤᠨ ᠱᠠᠪᠢ ᠪᠦᠬᠡ ᠪᠣᠯᠬᠤ ᠳᠤ ᠬᠣᠯᠪᠤᠭᠳᠠᠬᠤ ᠬᠡᠳᠦᠨ ᠠᠰᠠᠭᠤᠳᠠᠯ |
Creator |
ᠬᠠᠰᠤᠨᠲᠤᠶᠠᠭ᠋ ᠠ |
Keyword |
《ᠰᠠᠭᠤᠳᠠᠯ ᠤᠨ ᠡᠪᠡᠳᠴᠢᠨ》;ᠦᠷ ᠡ ᠬᠦᠯᠦᠭ; ᠬᠣᠷᠴᠢᠨ ᠱᠠᠰᠢᠨ; ᠰᠣᠶᠣᠯ ᠰᠡᠳᠭᠢᠯᠭᠡᠨ; ᠪᠦᠭᠡ ᠪᠠᠭᠰᠢ; ᠱᠠᠪᠢ ᠪᠦᠭᠡ |
Abstract |
ᠣᠳᠤᠬᠠᠨ ᠤ ᠬᠣᠷᠴᠢᠨ ᠢᠢᠡᠷ ᠢᠯᠡᠷᠡᠵᠦ ᠪᠤᠢ ᠪᠦᠬᠡ ᠰᠢᠲᠦᠭᠡᠨ ᠳᠤ ᠰᠣᠩᠭ᠋ᠤᠭᠳᠠᠭᠰᠠᠨ ᠦᠷ ᠡ ᠬᠦᠯᠦᠭ ᠨᠢ
ᠣᠳᠤᠬᠠᠨ ᠤ ᠬᠤᠷᠴᠢᠨ ᠢᠢᠡᠷ ᠢᠯᠡᠷᠡᠵᠦ ᠪᠣᠢ ᠪᠦᠬᠡ ᠰᠢᠳᠦᠭᠡᠨ ᠳᠤ ᠰᠣᠩᠭ᠋ᠤᠭᠳᠠᠭᠰᠠᠨ ᠦᠷ ᠡ ᠬᠦᠯᠦᠭ ᠨᠢ ᠪᠦᠬᠡ ᠶᠢᠨ 《ᠰᠠᠭᠤᠳᠠᠯ ᠤᠨ ᠡᠪᠡᠳᠴᠢᠨ》 ᠢᠢᠡᠷ ᠲᠣᠳᠤᠯᠠᠭᠳᠠᠭᠰᠠᠨ ᠤ ᠲᠠᠷᠠᠭ᠋ ᠠ ᠣᠯᠠᠨ ᠲᠠᠯ ᠠ ᠶᠢᠨ ᠲᠠᠷᠤᠭᠠᠰᠤ ᠪᠦᠬᠦᠢ《ᠵᠦᠷᠢᠴᠡᠯᠲᠦ ᠰᠡᠳᠭᠢᠯᠬᠡ》ᠲᠠᠢ ᠪᠣᠯᠳᠠᠭ ᠪᠠᠢᠢᠨ᠌ ᠠ᠃ ᠲᠤᠰ ᠦᠭᠦᠯᠡᠯ ᠭᠤᠤᠯᠳᠠᠭᠤ ᠡᠨᠡ ᠬᠦ ᠵᠦᠷᠢᠴᠡᠯᠲᠦ ᠰᠡᠳᠭᠢᠯᠭᠡ ᠶᠢᠨ ᠨᠡᠢᠢᠭᠡᠮ ᠲᠡᠦᠬᠡ ᠰᠣᠶᠣᠯ ᠤᠨ ᠦᠨᠳᠦᠰᠦ ᠰᠣᠷᠪᠤᠯᠵᠢ ᠵᠢᠴᠢ ᠤᠳᠤᠮᠰᠢᠯᠲᠤ ᠱᠠᠰᠢᠨ ᠰᠣᠶᠣᠯ ᠢᠢᠡᠨ ᠰᠡᠭᠦᠭᠡᠬᠦ ᠱᠠᠭᠠᠷᠳᠠᠯᠭ᠋ ᠠ ᠲᠠᠢ ᠪᠣᠯᠤᠭᠰᠠᠨ ᠨᠡᠢᠢᠭᠡᠮ ᠤᠨ ᠠᠬᠤᠢ ᠪᠠᠢᠢᠳᠠᠯ ᠨᠢ ᠡᠪᠡᠳᠴᠢᠲᠡᠨ ᠢ ᠪᠦᠭᠡ ᠰᠢᠲᠦᠭᠡᠨ ᠢᠢᠡᠨ ᠬᠦᠯᠢᠶᠡᠨ ᠠᠪᠬᠤ ᠰᠢᠢᠳᠪᠦᠷᠢ ᠳᠤ ᠬᠦᠷᠦᠭᠦᠯᠵᠦ ᠪᠠᠢᠢᠭ᠋ ᠠ ᠵᠢ ᠲᠣᠳᠤᠷᠠᠭᠤᠯᠤᠨ ᠦᠭᠦᠯᠡᠵᠦ᠂ ᠪᠦᠭᠡ ᠶᠢᠨ《ᠰᠠᠭᠤᠳᠠᠯ ᠤᠨ ᠡᠪᠡᠳᠴᠢᠨ》 ᠳᠤ ᠨᠡᠷᠪᠡᠭ᠍ᠳᠡᠭᠰᠡᠳ ᠤᠨ ᠢᠪᠡᠭᠡᠯᠲᠦ ᠪᠠᠭᠰᠢ ᠪᠠᠨ ᠣᠯᠵᠤ᠂ᠱᠠᠪᠢ ᠪᠦᠬᠡ ᠪᠣᠯᠵᠤ ᠪᠠᠢᠢᠭ᠋ ᠠ ᠵᠠᠷᠢᠮᠳᠤᠭ ᠬᠡᠯᠪᠡᠷᠢ ᠵᠢ ᠴᠦ ᠲᠠᠨᠢᠯᠴᠠᠭᠤᠯᠪᠠ᠃ ᠬᠤᠪᠢ ᠶᠢᠨ ᠪᠠᠢᠢᠴᠠᠭᠠᠯᠲᠠ ᠶᠢᠨ ᠮᠠᠲ᠋ᠸᠷᠢᠶᠠᠯ ᠢ ᠦᠨᠳᠦᠰᠦᠯᠡᠪᠠᠯ᠂ᠪᠦᠬᠡ ᠪᠠᠭᠰᠢ ᠪᠠᠨ ᠣᠠᠯᠬᠤ ᠳᠤ《ᠨᠢᠭᠡ ᠰᠡᠳᠭᠢᠯ ᠭᠠᠭᠴᠠ ᠪᠣᠳᠤᠯ》 ᠪᠠᠷᠢᠵᠤ ᠨᠡᠷ ᠡ ᠰᠦᠷ ᠵᠡᠭᠦᠳᠡᠭ《ᠪᠦᠭᠡ》ᠡᠴᠡ ᠵᠠᠢᠢᠯᠠᠰᠬᠢᠭᠦ ᠨᠢ ᠴᠢᠬᠤᠯᠠ ᠶᠡᠬᠡ ᠠᠴᠢ ᠬᠤᠯᠪᠤᠭᠳᠠᠯ ᠲᠠᠢ ᠪᠠᠢᠢᠵᠠᠢ᠃ |
Original Literature |
View Original Paper
|
出自 |
内蒙古大学学报
2011年
第2期
|