Paper Information


Title ᠮᠣᠩᠭᠤᠯ ᠬᠡᠯᠡᠨ ᠤ ᠬᠦᠬᠡᠨᠠᠭᠤᠷ ᠠᠮᠠᠨ ᠠᠶᠠᠯᠭᠤᠨ ᠳ᠋ᠡᠬᠢ ᠵᠠᠷᠢᠮ ᠦᠭᠡᠰ ᠤᠨ ᠬᠡᠷᠡᠭᠯᠡᠯᠲᠡ ᠶᠢᠨ ᠣᠨᠴᠠᠯᠢᠭ
Creator ᠪᠣᠶᠠᠨᠨᠡᠮᠡᠬᠦ
Keyword ᠮᠣᠩᠭᠤᠯ ᠬᠡᠯᠡ︔ ᠬᠦᠬᠡᠨᠠᠭᠤᠷ ᠠᠮᠠᠨ ᠠᠶᠠᠯᠭᠤ︔ ᠬᠡᠷᠭᠡᠯᠡᠯᠲᠡ ᠶᠢᠨ ᠣᠨᠴᠠᠯᠢᠭ
Abstract ᠬᠦᠬᠡᠨᠠᠭᠤᠷ ᠮᠣᠩᠭᠤᠯᠴᠤᠳ ᠬᠦᠬᠡᠨᠠᠭᠤᠷ ᠲᠦᠪᠡᠳ ᠤᠨ ᠦᠨᠳᠦᠷᠯᠢᠭ ᠳᠡᠭᠡᠷ ᠠ ᠬᠢᠲᠠᠳ᠂ ᠲᠦᠪᠡᠳ ᠵᠡᠷᠭᠡ ᠣᠯᠠᠨ ᠦᠨᠳᠦᠰᠦᠲᠡᠨ ᠲᠠᠢ ᠬᠦᠷᠰᠢ ᠵᠡᠷᠭᠡᠯᠡᠳᠡᠭᠡ ᠪᠤᠶᠤ ᠬᠤᠯᠢᠯᠳᠤᠨ ᠰᠠᠭᠤᠷᠢᠰᠢᠵᠤ᠂ ᠪᠤᠰᠤᠳ ᠭᠠᠵᠠᠷ ᠤᠨ ᠮᠣᠨᠭᠤᠯᠴᠤᠳ ᠲᠠᠢ ᠬᠠᠷᠢᠴᠠᠭ᠎ᠠ ᠬᠣᠯᠪᠤᠭ᠎ᠠ ᠪᠠᠭᠠᠲᠠᠢ ᠪᠠᠢᠳᠠᠭ᠃ ᠶᠠᠭᠡᠢᠮᠦᠷᠬᠦᠦ ᠨᠡᠢᠭᠡᠮ ᠂ ᠲᠡᠦᠬᠡ ᠭᠠᠵᠠᠷ ᠵᠦᠢ ᠵᠡᠷᠭᠡ ᠶᠢᠨ ᠰᠢᠯᠲᠠᠭᠠᠨ ᠡᠴᠡ ᠬᠦᠬᠡᠨᠠᠭᠤᠷ ᠠᠮᠠᠨ ᠠᠶᠠᠯᠭᠤᠨ ᠤ ᠦᠭᠡᠰ ᠤᠨ ᠬᠡᠷᠭᠡᠯᠡᠯᠲᠡ ᠳ᠋ᠤ ᠵᠤᠬᠢᠬᠤ ᠬᠡᠮᠵᠢᠶᠠᠨ ᠤ ᠬᠤᠪᠢᠷᠠᠯᠲᠠᠭᠠᠷᠴᠤ᠂ ᠣᠷᠤᠨ ᠨᠤᠲᠤᠭ ᠤᠨ ᠦᠪᠡᠷᠮᠢᠴᠡ ᠸᠨᠴᠠᠯᠢᠭ ᠢ ᠪᠦᠷᠢᠯᠳᠦᠭᠦᠯᠦᠭᠰᠡᠨ ᠶᠤᠮ᠃ ᠲᠤᠰ ᠦᠭᠦᠯᠡᠯ ᠳ᠋ᠤ ᠮᠣᠩᠭᠤᠯ ᠬᠡᠯᠡᠨ ᠤ ᠬᠦᠬᠡᠨᠠᠭᠤᠷ ᠠᠮᠠᠨ ᠠᠶᠠᠯᠭᠤᠨ ᠳ᠋ᠡᠬᠢ ᠵᠠᠷᠢᠮ ᠦᠭᠡᠰ ᠤᠨ ᠬᠡᠷᠡᠭᠯᠡᠯᠲᠡ ᠵᠢ ᠪᠢᠴᠢᠭ ᠤᠨ ᠬᠡᠯᠡ ᠲᠠᠢ ᠬᠠᠷᠢᠴᠠᠭᠤᠯᠤᠨ ᠦᠭᠦᠯᠡᠵᠦ᠂ ᠡᠳᠡᠭᠡᠷ ᠦᠭᠡᠰ ᠤᠨ ᠬᠡᠷᠡᠭᠯᠡᠭᠡᠨ ᠤ ᠬᠦᠷᠢᠶ ᠡ ᠬᠡᠪᠴᠢᠶ ᠠ᠂ ᠲᠦᠷᠦᠯ ᠵᠦᠢᠯ ᠂ ᠣᠨᠴᠠᠯᠢᠭ ᠬᠡᠷᠡᠭᠯᠡᠯᠲᠡ ᠶᠢᠨ ᠵᠢᠮ ᠠ ᠶᠤᠰᠤ ᠵᠡᠷᠭᠡ ᠵᠢ ᠲᠤᠳᠤᠷᠬᠠᠢᠯᠠᠨ ᠦᠭᠦᠯᠡᠪᠡ᠃
Original Literature No Original Paper
出自 赤峰学院学报(蒙文哲学社会科学版) 2022年 第1期

联系我们


内蒙古大学图书馆
呼和浩特市大学西路235号
中国·内蒙古
P: (0471) 4992561
E: huangfeilong@imu.edu.cn