Paper Information


Title ᠴᠢᠩᠬᠢᠰ ᠬᠠᠭᠠᠨ ᠤ ᠨᠠᠢᠠᠮ ᠴᠠᠭᠠᠨ ᠣᠷᠳᠤ ᠪᠠ ᠣᠷᠳᠤᠰᠴᠤᠳ ᠤᠨ ᠡᠭᠦᠰᠦᠯ ᠭᠠᠷᠤᠯ ᠤᠨ ᠲᠤᠬᠠᠢ ᠠᠳᠠᠯᠢ ᠪᠤᠰᠤ ᠲᠠᠢᠯᠤᠮᠵᠢ ᠵᠢ ᠦᠭᠦᠯᠡᠬᠦ ᠨᠢ
Creator ᠬᠤᠷᠴᠠ
Keyword ᠴᠢᠩᠬᠢᠰ ᠬᠠᠭᠠᠨ ᠤ ᠨᠠᠢᠮᠠᠨ ᠴᠠᠭᠠᠨ ᠣᠷᠳᠤ︔ ᠣᠷᠲᠤᠰ︔ ᠡᠭᠦᠰᠦᠯ ᠭᠠᠷᠤᠯ᠋︔ ᠲᠠᠢᠯᠤᠮᠵᠢ
Abstract ᠦᠭᠦᠯᠡᠯ ᠳ᠋ᠤ ᠴᠢᠩᠬᠢᠰ ᠬᠠᠭᠠᠨ ᠤ ᠨᠠᠢᠮᠠᠨ ᠴᠠᠭᠠᠨ ᠣᠷᠳᠤ ᠪᠠ ᠣᠷᠳᠤᠰᠴᠤᠳ ᠤᠨ ᠡᠭᠦᠰᠦᠯ ᠭᠠᠷᠤᠯ ᠤᠨ ᠲᠤᠬᠠᠢ ᠣᠯᠠᠨ ᠤᠯᠤᠰ ᠤᠨ ᠮᠣᠩᠭᠤᠯ ᠲᠡᠦᠬᠡ ᠰᠣᠳᠤᠯᠤᠭᠴᠢᠳ ᠤᠨ ᠠᠳᠠᠯᠢ ᠪᠣᠰᠤ ᠳᠦᠷᠪᠡᠨ ᠵᠦᠢᠯ ᠤᠨ ᠲᠠᠢᠯᠤᠮᠵᠢ ᠪᠤᠶᠤ ᠦᠵᠡᠯᠲᠡ ᠵᠢ ᠮᠣᠩᠭᠤᠯ᠂ ᠬᠢᠲᠠᠳ ᠫᠸᠷᠰ ᠰᠣᠷᠪᠤᠯᠵᠢᠰ ᠲᠡᠬᠢ ᠲᠡᠮᠳᠡᠭᠯᠡᠯ ᠲᠠᠢ ᠬᠠᠷᠢᠴᠠᠭᠤᠯᠤᠨ ᠰᠢᠨᠵᠢᠯᠡᠵᠦ᠂ ᠬᠣᠪᠢᠯᠠᠢ ᠰᠡᠴᠡᠨ ᠬᠠᠭᠠᠨ ᠤ ᠪᠠᠢᠭᠤᠯᠤᠭᠰᠠᠨ《 ᠲᠠᠬᠢᠯ ᠤᠨ ᠨᠠᠢᠮᠠᠨ ᠭᠡᠷ》 ᠡᠴᠡ ᠡᠭᠦᠰᠦᠯᠲᠡᠢ᠂ ᠴᠢᠩᠬᠢᠰ ᠬᠠᠭᠠᠨ ᠤ 《 ᠶᠡᠬᠡ ᠬᠤᠷᠢᠭ ᠭᠠᠵᠠᠷ》 ᠢ ᠰᠠᠬᠢᠨ ᠬᠠᠮᠠᠭᠠᠯᠠᠭᠰᠠᠨ ᠤᠷᠢᠷᠶᠩᠬᠠᠨ ᠮᠢᠩᠭᠠᠨ ᠡᠴᠡ ᠡᠭᠦᠰᠦᠯᠲᠡᠢ᠂ ᠡᠵᠡᠨ ᠬᠣᠷᠤᠭ᠎ᠠ ᠳ᠋ᠤ ᠣᠩᠭᠤᠯᠤᠭᠰᠠᠨ ᠴᠢᠩᠬᠢᠰ ᠬᠠᠭᠠᠨ ᠤ ᠴᠣ᠂ᠴᠤᠭ ᠤᠷᠳᠤ ᠡᠴᠡ ᠢᠷᠡᠯᠲᠡᠢ ᠭᠡᠬᠦ ᠵᠡᠷᠭᠡ ᠦᠵᠡᠯᠲᠡ ᠨᠢ 17ᠳ᠋ᠤᠭᠠᠷ ᠵᠠᠭᠤᠨ ᠳ᠋ᠤ ᠮᠣᠩᠭᠤᠯᠴᠤᠳ ᠤᠨ ᠳᠤᠮᠳᠠ ᠤᠯᠠᠮᠵᠢᠯᠠᠭᠳᠠᠵᠤ ᠪᠠᠢᠭᠰᠠᠨ ᠴᠢᠩᠬᠢᠰ ᠬᠠᠭᠠᠨ ᠤ ᠲᠤᠬᠠᠢ ᠳᠤᠮᠤᠭ ᠶᠠᠷᠢᠶ ᠠ ᠵᠢ ᠦᠨᠳᠦᠰᠦᠯᠡᠭᠰᠡᠨ ᠲᠠᠰᠢᠶ ᠡ ᠬᠡᠯᠡᠯᠭᠡ ᠪᠠᠢᠵᠦ᠂ ᠸᠷᠳᠤᠰᠴᠤᠳ ᠪᠠ ᠲᠡᠳᠡ ᠨᠠᠷ ᠤᠨ ᠲᠠᠬᠢᠭᠰᠠᠨ ᠨᠠᠢᠮᠠᠨ ᠴᠠᠭᠠᠨ ᠣᠷᠳᠤ ᠨᠢ ᠶᠤᠸᠠᠨ ᠤᠯᠤᠰ ᠤᠨ ᠦᠶ ᠠ ᠶᠢᠨ ᠴᠢᠩᠾᠢᠰ ᠬᠠᠭᠠᠨ ᠤ 《 ᠳᠦᠷᠭᠡᠨ ᠶᠡᠬᠡ ᠤᠷᠲᠤ》 ᠡᠴᠡ ᠡᠭᠦᠰᠦᠯᠲᠡᠢ ᠭᠡᠬᠦ ᠲᠠᠢᠯᠤᠮᠵᠢ ᠨᠢ ᠲᠡᠦᠬᠡ ᠶᠢᠨ ᠦᠨᠡᠨ ᠲᠠᠢ ᠨᠡᠢᠴᠡᠭᠰᠡᠨ ᠪᠠᠢᠬᠤ ᠵᠢ ᠴᠠᠭᠠᠰᠢᠲᠠ ᠨᠤᠲᠯᠠᠨ ᠦᠭᠦᠯᠡᠵᠡᠢ᠃
Original Literature No Original Paper
出自 赤峰学院学报(蒙文哲学社会科学版) 2022年 第1期

联系我们


内蒙古大学图书馆
呼和浩特市大学西路235号
中国·内蒙古
P: (0471) 4992561
E: huangfeilong@imu.edu.cn