Title |
ᠲᠠᠢᠴᠢᠩ ᠤᠯᠤᠰ ᠤᠨ ᠦᠶ ᠠ ᠶᠢᠨ ᠪᠡᠳᠭᠡᠷ ᠵᠤᠤ ᠶᠢᠨ ᠬᠠᠷᠢᠶᠠᠲᠤ ᠨᠤᠲᠤᠭ ᠪᠠ ᠲᠠᠵᠢᠭᠡᠯ ᠤᠨ ᠭᠠᠵᠠᠷ ᠤᠨ ᠬᠣᠪᠢᠷᠠᠯᠲᠠ |
Creator |
ᠯᠢᠶᠠᠩ ᠵᠢᠶᠠ ᠴᠸᠨ |
Keyword |
ᠪᠡᠳᠭᠡᠷ ᠵᠤᠤ︔ ᠬᠠᠷᠢᠶᠠᠲᠤ ᠨᠤᠲᠤᠭ︔ ᠲᠡᠵᠢᠭᠡᠯ ᠤᠨ ᠭᠠᠵᠠᠷ︔ ᠨᠤᠲᠤᠭ ᠤᠨ ᠵᠠᠭᠠᠭ |
Abstract |
ᠲᠤᠰ ᠦᠭᠦᠯᠡᠯ ᠳ᠋ᠤ ᠪᠡᠳᠭᠡᠷ ᠵᠤᠤ ᠶᠢᠨ ᠮᠣᠩᠭᠤᠯ ᠲᠠᠩᠰᠠ ᠠᠷᠾᠢᠪ ᠪᠠ ᠬᠡᠭᠡᠷ ᠠ ᠶᠢᠨ ᠰᠢᠨᠵᠢᠯᠡᠭᠡᠨ ᠳ᠋ᠤ ᠰᠠᠭᠤᠷᠢᠯᠠᠵᠤ᠂ ᠪᠡᠳᠭᠡᠷ ᠵᠤᠤ ᠳ᠋ᠤ ᠨᠤᠲᠤᠭ ᠣᠯᠭᠤᠭᠰᠠᠨ ᠴᠠᠭ ᠦᠶ ᠠ᠂ ᠬᠠᠷᠢᠶᠠᠲᠤ ᠨᠤᠲᠤᠭ ᠤᠨ ᠬᠦᠷᠢᠶ ᠡ ᠬᠡᠪᠴᠢᠶ ᠠ ᠬᠢᠭᠡᠳ ᠲᠦᠷᠪᠡᠨ ᠵᠦᠭ ᠨᠠᠢᠮᠠᠨ ᠵᠤᠪᠬᠢᠰ ᠤᠨ ᠭᠤᠷᠪᠠᠨ ᠤᠳᠠᠭᠠᠨ ᠤ ᠬᠣᠪᠢᠷᠠᠯᠲᠠ ᠵᠢᠴᠢ ᠪᠡᠳᠭᠡᠷ ᠵᠤᠤ ᠶᠢᠨ ᠲᠡᠵᠢᠭᠡᠯ ᠤᠨ ᠭᠠᠵᠠᠷ ᠤᠨ ᠬᠣᠪᠢᠷᠠᠯᠲᠠ ᠵᠢ ᠰᠢᠨᠵᠢᠯᠡᠵᠦ᠂ ᠲᠡᠵᠢᠭᠡᠯ ᠤᠨ ᠭᠠᠵᠠᠷ ᠲᠤ ᠲᠠᠷᠢᠶᠠᠯᠠᠩ ᠡᠷᠬᠢᠯᠵᠦ᠂ ᠰᠠᠭᠤᠷᠢ ᠠᠮᠠ ᠬᠢᠭᠡᠳ ᠢᠳᠡᠭᠡ ᠤᠮᠳᠠᠭᠠᠨ ᠢᠢᠡᠨ ᠬᠠᠩᠭᠠᠵᠤ ᠪᠠᠢᠭᠰᠠᠨ ᠪᠠ ᠲᠡᠵᠢᠭᠡᠯ ᠤᠨ ᠭᠠᠵᠠᠷ ᠤᠨ ᠵᠠᠭᠠᠭ ᠬᠢᠵᠠᠭᠠᠷ ᠲᠤ ᠤᠯᠠᠨ ᠤᠳᠠᠭ᠎ᠠ ᠮᠠᠷᠭᠤᠭᠠᠨ ᠡᠭᠦᠰᠦᠭᠰᠡᠨ ᠡᠴᠡ ᠪᠤᠯᠵᠤ ᠭᠠᠵᠠᠷ ᠤᠨ ᠵᠠᠭᠠᠭ ᠲᠤ ᠣᠪᠤᠭ᠎ᠠ ᠲᠡᠮᠳᠡᠭ ᠪᠣᠰᠬᠠᠭᠰᠠᠨ ᠲᠡᠦᠬᠡᠨ ᠠᠬᠤᠢ᠂ ᠪᠤᠳᠠᠳᠠᠢ ᠭᠠᠵᠠᠷ ᠤᠨ ᠨᠡᠷᠡᠰ ᠲᠤ ᠰᠢᠨᠵᠢᠯᠡᠯᠲᠡ ᠬᠢᠵᠠᠢ᠃ ᠡᠴᠤᠰ ᠲᠤ ᠲᠡᠦᠬᠡᠨ ᠭᠠᠵᠠᠷ ᠵᠦᠢ ᠶᠢᠨ ᠠᠷᠭ᠎ᠠ ᠵᠢ ᠬᠡᠷᠡᠭᠯᠡᠵᠦ᠂ ᠭᠡᠭᠡᠷ ᠠ ᠶᠢᠨ ᠰᠢᠨᠵᠢᠯᠡᠭᠡᠨ ᠲᠠᠢ ᠤᠶᠠᠯᠳᠤᠭᠤᠯᠤᠨ ᠲᠠᠢᠴᠢᠩ ᠤᠯᠤᠰ ᠤᠨ ᠦᠶ ᠠ ᠶᠢᠨ ᠪᠡᠳᠭᠡᠷ ᠵᠤᠤ ᠶᠢᠨ ᠬᠠᠷᠢᠶᠠᠲᠤ ᠨᠤᠲᠤᠭ ᠪᠠ ᠲᠡᠵᠢᠭᠡᠯ ᠤᠨ ᠭᠠᠵᠠᠷ ᠤᠨ ᠠᠳᠠᠯᠢ ᠪᠣᠰᠤ ᠴᠠᠭ ᠦᠶ ᠠ ᠶᠢᠨ ᠬᠦᠷᠢᠶ ᠠ ᠬᠡᠪᠴᠢᠶ ᠠ ᠵᠢ ᠰᠡᠷᠭᠦᠭᠡᠵᠡᠢ᠃ |
Original Literature |
No Original Paper
|
出自 |
内蒙古大学学报
2023年
第5期
|