Title |
ᠮᠣᠩᠭᠤᠯ ᠦᠨᠳᠦᠰᠦᠲᠡᠨ ᠤ ᠣᠳᠤ ᠦᠶ ᠠ ᠶᠢᠨ ᠤᠷᠠᠨ ᠪᠦᠲᠦᠭᠡᠯ ᠠᠩᠯᠢ ᠬᠡᠯᠡᠨ ᠳ᠋ᠤ ᠣᠷᠴᠢᠭᠤᠯᠤᠭᠳᠠᠭᠰᠠᠨ ᠪᠠᠢᠳᠠᠯ |
Creator |
ᠪᠣᠡᠵᠢᠬᠢᠨ ᠬᠦᠭᠵᠢᠯᠲᠦ |
Keyword |
ᠮᠣᠩᠭᠤᠯ ᠦᠨᠳᠦᠰᠦᠲᠡᠨ︔ ᠣᠳᠦ ᠦᠶ ᠠ ᠶᠢᠨ ᠤᠷᠠᠨ ᠪᠦᠲᠦᠭᠡᠯ︔ ᠠᠩᠯᠢ ᠣᠷᠴᠢᠭᠤᠯᠭ᠎ᠠ |
Abstract |
ᠮᠣᠨᠭᠤᠯ ᠦᠨᠳᠦᠰᠦᠲᠡᠨ ᠤ ᠣᠳᠤ ᠦᠶ ᠠ ᠶᠢᠨ ᠤᠳᠬ ᠠ ᠵᠤᠬᠢᠶᠠᠯ ᠪᠤᠢ ᠪᠤᠯᠤᠭᠰᠠᠨ ᠡᠴᠡ ᠨᠠᠭᠠᠰᠢ ᠨᠡᠯᠢᠶᠡᠳ ᠲᠤᠭᠠᠨ ᠤ ᠵᠤᠨᠬᠢᠶᠠᠯ ᠪᠦᠲᠦᠭᠡᠯ ᠨᠢ ᠠᠩᠯᠢ ᠬᠡᠯᠡᠨ ᠳ᠋ᠤ ᠣᠷᠴᠢᠭᠤᠯᠤᠭᠳᠠᠨ ᠣᠩᠰᠢᠭᠴᠢᠳ ᠤᠨ ᠬᠦᠷᠲᠡᠭᠡᠯ ᠪᠤᠯᠤᠭᠰᠠᠭᠠᠷ ᠢᠷᠡᠵᠡᠢ᠃ ᠣᠷᠴᠢᠭᠤᠯᠤᠭᠳᠠᠭᠰᠠᠨ ᠵᠤᠬᠢᠶᠠᠯ ᠤᠨ ᠰᠲ᠋ᠢᠯᠢ ᠵᠢ ᠦᠵᠡᠪᠡᠯ᠂ ᠰᠢᠯᠦᠭ ᠤᠨ ᠵᠤᠬᠢᠶᠠᠯ ᠣᠯᠠᠨ ᠪᠠᠢᠵᠦ᠂ ᠲᠤᠭᠤᠵᠢᠰ ᠤᠨ ᠵᠤᠬᠢᠶᠠᠯ ᠴᠦᠬᠡᠨ ᠪᠤᠢ᠃ ᠪᠦᠷᠢᠳᠭᠡᠯ ᠢ ᠦᠨᠳᠦᠰᠦᠯᠡᠪᠡᠯ᠂ ᠬᠢᠲᠠᠳ ᠬᠡᠯᠡ ᠪᠡᠷ ᠲᠠᠮᠵᠢᠨ ᠠᠩᠯᠢ ᠬᠡᠯᠡᠨ ᠳ᠋ᠤ ᠣᠷᠴᠢᠭᠤᠯᠤᠭᠳᠠᠭᠰᠠᠨ ᠤᠷᠠᠨ ᠪᠦᠲᠦᠭᠡᠯ ᠵᠤᠩᠬᠢᠯᠠᠬᠤ ᠲᠤᠭ᠎ᠠ ᠵᠢ ᠡᠵᠡᠯᠡᠵᠤ ᠪᠤᠢᠨᠠ᠃ ᠤᠢᠷ ᠠ ᠶᠢᠨ ᠵᠢᠯ ᠤᠳ ᠲᠤ ᠮᠣᠩᠭᠤᠯ ᠬᠡᠯᠡᠨ ᠡᠴᠡ ᠰᠢᠭᠤᠳ ᠠᠩᠯᠢ ᠬᠡᠯᠡᠨ ᠳ᠋ᠤ ᠣᠷᠴᠢᠭᠤᠯᠤᠭᠳᠠᠭᠰᠠᠨ ᠤᠷᠠᠨ ᠪᠦᠲᠦᠭᠡᠯ ᠤᠯᠠᠮ ᠢᠢᠡᠷ ᠨᠡᠮᠡᠭᠳᠡᠬᠦ ᠬᠠᠨᠳᠤᠰᠢ ᠲᠠᠢ ᠪᠤᠯᠵᠤ ᠪᠤᠢ᠃ ᠮᠣᠩᠭᠤᠯ ᠦᠨᠳᠰᠦᠲᠡᠨ ᠤ ᠣᠳᠤ ᠦᠶ ᠠ ᠶᠢᠨ ᠤᠷᠠᠨ ᠪᠦᠲᠦᠭᠡᠯ ᠤᠨ ᠬᠠᠷᠢ ᠬᠡᠯᠡᠨ ᠳ᠋ᠡᠬᠢ ᠲᠠᠷᠬᠠᠯᠲᠠ ᠵᠢ ᠰᠢᠨᠵᠢᠯᠡᠬᠦ ᠨᠢ ᠮᠣᠩᠭᠤᠯ ᠦᠨᠳᠦᠰᠦᠲᠡᠨ ᠤ ᠸᠳᠤ ᠦᠶ ᠠ ᠶᠢᠨ ᠤᠳᠬ ᠠ ᠵᠤᠬᠢᠶᠠᠯ ᠤᠨᠰᠸᠳᠤᠯᠭᠠᠨ ᠤ ᠬᠦᠷᠢᠶ ᠡ ᠵᠢ ᠲᠡᠯᠡᠬᠦ᠂ ᠮᠣᠩᠭᠤᠯ ᠦᠨᠳᠦᠰᠦᠲᠡᠨ ᠤ ᠤᠳᠬ ᠠ ᠵᠤᠬᠢᠶᠠᠯ ᠤᠨ ᠲᠡᠦᠬᠡ ᠪᠢᠴᠢᠯᠭᠡ ᠳ᠋ᠤ ᠦᠨᠳᠦᠰᠦᠯᠡᠯ ᠬᠠᠩᠭᠠᠬᠤ ᠵᠡᠷᠭᠡ ᠲᠠᠯ ᠠ ᠳ᠋ᠤ ᠴᠢᠬᠤᠯᠠ ᠠᠴᠢ ᠬᠣᠯᠪᠤᠭᠲᠠᠯ ᠲᠠᠢ᠃ |
Original Literature |
No Original Paper
|
出自 |
内蒙古社会科学(蒙文版)
2023年
第4期
|