Title |
ᠦᠷᠦᠨ᠎ᠠ ᠶᠢᠨ ᠮᠣᠩᠭᠤᠯᠴᠢ ᠡᠷᠳᠡᠮᠲᠡᠳ ᠤᠨ ᠵᠤᠬᠢᠶᠠᠭᠰᠠᠨ ᠵᠦᠢᠯ ᠪᠦᠷᠢ ᠶᠢᠨ ᠠᠪᠢᠶᠠᠨ ᠤ ᠲᠡᠮᠳᠡᠭ ᠤᠨ ᠰᠢᠰᠲ᠋ᠸᠮ ᠬᠢᠭᠡᠳ ᠤᠤᠭᠠᠯ ᠠᠮᠠᠨ ᠰᠣᠶᠤᠯ ᠤᠨ ᠣᠷᠴᠢᠨ ᠳ᠋ᠤ ᠲᠡᠮᠳᠡᠭᠯᠡᠭᠳᠡᠭᠰᠡᠨ ᠮᠣᠩᠭᠤᠯ ᠠᠮᠠᠨ ᠵᠤᠬᠢᠶᠠᠯ ᠤᠨ ᠮᠠᠲ᠋ᠸᠷᠢᠶᠠᠯ |
Creator |
ᠦ᠂ ᠨᠠᠴᠢᠨ |
Keyword |
ᠵᠦᠢᠯ ᠪᠦᠷᠢ ᠶᠢᠨ ᠠᠪᠢᠶᠠᠨ ᠤ ᠲᠡᠮᠳᠡᠭ︔ ᠤᠤᠭᠠᠯ ᠠᠮᠠᠨ ᠰᠣᠶᠤᠯ ᠤᠨ ᠣᠷᠴᠢᠨ︔ ᠡᠭᠦᠰᠦᠮᠡᠯ ᠠᠮᠠᠨ ᠰᠣᠶᠤᠯ ᠤᠨ ᠣᠷᠴᠢᠨ︔ ᠮᠣᠩᠭᠤᠯ ᠠᠮᠠᠨ ᠵᠤᠬᠢᠶᠠᠯ ᠤᠨ ᠮᠠᠲ᠋ᠸᠷᠢᠶᠠᠯ |
Abstract |
ᠦᠷᠦᠨ᠎ᠠ ᠶᠢᠨ ᠮᠣᠩᠭᠤᠯᠴᠢ ᠡᠷᠳᠡᠲᠡᠳ ᠮᠣᠩᠭᠤᠯ ᠣᠷᠤᠨ ᠳ᠋ᠤ ᠢᠷᠡᠵᠦ ᠠᠶᠠᠯᠠᠯ ᠪᠠ ᠵᠢᠭᠤᠯᠴᠢᠯᠠᠯ ᠪᠠ ᠭᠡᠭᠡᠷ ᠠ ᠶᠢᠨ ᠰᠢᠨᠵᠢᠯᠭᠡ ᠬᠢᠬᠦ ᠳ᠋ᠤ ᠪᠠᠨ ᠬᠠᠷᠢᠴᠠᠨᠭᠤᠢ ᠴᠡᠪᠡᠷ ᠤᠤᠭᠠᠯ ᠠᠮᠠᠨ ᠰᠣᠶᠤᠯ ᠤᠨ ᠣᠷᠴᠢᠨ ᠳ᠋ᠤ ᠮᠣᠩᠭᠤᠯ ᠠᠮᠠᠨ ᠵᠤᠬᠢᠶᠠᠯ ᠢ ᠣᠯᠠᠨ ᠠᠷᠪᠢᠨ ᠲᠡᠮᠳᠡᠭᠯᠡᠵᠦ᠂ ᠴᠢᠨᠠᠷᠯᠢᠭ ᠰᠠᠢᠨ ᠰᠣᠳᠤᠯᠭᠠᠨ ᠤ ᠮᠠᠲ᠋ᠸᠷᠢᠶᠠᠯ ᠤᠳ ᠢ ᠦᠯᠡᠳᠡᠭᠡᠵᠡᠢ᠃ ᠲᠡᠳᠡ ᠶᠡᠷᠦᠩᠬᠡᠢ ᠳ᠋ᠤ ᠪᠠᠨ ᠦᠪᠡᠷ ᠤᠨ ᠤᠯᠤᠰ ᠤᠨ ᠢᠢᠡᠨ ᠬᠡᠷᠡᠭᠯᠡᠵᠦ ᠪᠠᠢᠭᠰᠠᠨ ᠯᠠᠲ᠋ᠢᠨ ᠪᠤᠶᠤ ᠰᠡᠯᠸ ᠦᠰᠦᠭ ᠤᠨ ᠰᠠᠭᠤᠷᠢᠨ ᠳᠡᠭᠡᠷ ᠠ ᠦᠪᠡᠷ ᠦᠪᠡᠷ ᠤᠨ ᠢᠢᠡᠨ ᠠᠪᠢᠶᠠᠨ ᠤ ᠲᠡᠮᠳᠡᠭ ᠤᠨ ᠰᠢᠰᠲ᠋ᠸᠮ ᠢ ᠵᠤᠬᠢᠶᠠᠨ ᠪᠦᠲᠦᠭᠡᠵᠦ᠂ ᠲᠡᠭᠦᠨ ᠢᠢᠡᠷ ᠢᠢᠡᠨ ᠮᠣᠩᠭᠤᠯ ᠠᠮᠠᠨ ᠠᠶᠠᠯᠭᠤ ᠪᠠ ᠠᠮᠠᠨ ᠵᠤᠬᠢᠶᠠᠯ ᠢ ᠲᠡᠮᠳᠡᠭᠯᠡᠨ ᠪᠠᠭᠤᠯᠭᠠᠭᠰᠠᠨ ᠤᠴᠢᠷ ᠡᠴᠡ ᠡᠳᠦᠭᠡ ᠪᠢᠳᠡ ᠦᠩᠭᠡᠷᠡᠭᠰᠡᠨ ᠤ ᠪᠦᠲᠦᠮᠵᠢᠲᠡᠢ ᠲᠤᠷᠰᠢᠯᠭ᠎ᠠ ᠡᠴᠡ ᠳ᠋ᠦᠩᠨᠡᠨ ᠬᠤᠷᠢᠶᠠᠩᠭᠤᠢᠯᠠᠭᠰᠠᠨ ᠬᠠᠮᠢᠶ ᠠ ᠪᠦᠬᠦᠢ ᠵᠠᠷᠴᠢᠮ ᠢ ᠪᠠᠷᠢᠮᠳᠠᠯᠠᠵᠤ᠂ ᠲᠡᠳᠡᠭᠡᠷ ᠮᠠᠷᠲᠠᠭᠳᠠᠭᠰᠠᠨ ᠲᠡᠮᠳᠡᠭ ᠤᠳ ᠢ ᠰᠡᠷᠭᠦᠭᠡᠨ ᠠᠮᠢᠯᠠᠭᠤᠯᠵᠤ᠂ ᠲᠠᠰᠤᠷᠠᠭᠰᠠᠨ ᠤᠯᠠᠮᠵᠢᠯᠠᠯ ᠢ ᠵᠠᠯᠭᠠᠨ ᠠᠪᠴᠤ᠂ ᠲᠠᠷᠤᠭᠲᠠᠭᠰᠠᠨ ᠮᠠᠲ᠋ᠸᠷᠢᠶᠠᠯ ᠤᠳ ᠢ ᠡᠷᠳᠡᠮ ᠰᠢᠨᠵᠢᠯᠡᠭᠡᠨ ᠤ ᠬᠦᠢᠯᠭᠡᠭᠡᠨ ᠳ᠋ᠤ ᠣᠷᠤᠭᠤᠯᠬᠤ ᠪᠡᠷ ᠴᠢᠷᠮᠠᠢᠬᠤ ᠬᠡᠷᠡᠭᠲᠡᠢ ᠪᠠᠢᠨ᠎ᠠ᠃ |
Original Literature |
No Original Paper
|
出自 |
内蒙古社会科学(蒙文版)
2023年
第4期
|