Title |
ᠦᠪᠦᠷ ᠮᠣᠩᠭᠤᠯ ᠤᠨ ᠠᠳᠤᠭᠤᠨ ᠦᠢᠯᠡᠰ ᠪᠠ ᠠᠳᠤᠭᠤᠨ ᠰᠣᠶᠤᠯ ᠤᠨ ᠲᠤᠬᠠᠢ ᠦᠭᠦᠯᠡᠬᠦ ᠨᠢ |
Creator |
ᠪᠦᠷᠢᠨᠪᠢᠯᠢᠭ |
Keyword |
ᠦᠪᠦᠷ ᠮᠣᠩᠭᠤᠯ︔ ᠠᠳᠤᠭᠤ ᠦᠢᠯᠡᠰ︔ ᠠᠳᠤᠭᠤᠨ ᠰᠣᠶᠤᠯ︔ ᠬᠦᠭᠵᠢᠯᠲᠡ ᠬᠣᠪᠢᠷᠠᠯᠲᠠ |
Abstract |
2017ᠣᠨ ᠳ᠋ᠤ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠠᠷᠠᠳ ᠤᠨ ᠵᠠᠰᠠᠭ ᠤᠨ ᠣᠷᠳᠤᠨ ᠡᠴᠡ 《 ᠣᠳᠤ ᠦᠶ ᠠ ᠶᠢᠨ ᠠᠳᠤᠭᠤᠨ ᠦᠢᠯᠡᠰ ᠤᠨ ᠬᠦᠭᠵᠢᠲᠡᠯ ᠵᠢ ᠠᠬᠢᠭᠤᠯᠬᠤ ᠲᠤᠬᠠᠢ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠣᠷᠲᠤᠨ ᠤ ᠰᠠᠨᠠᠯ ᠤᠳ》 ᠢ ᠨᠡᠢᠲᠡᠯᠡᠭᠰᠡᠨ ᠤ ᠲᠠᠷᠠᠭ᠎ᠠ᠂ ᠦᠪᠦᠷ ᠮᠣᠩᠭᠤᠯ ᠤᠨ ᠠᠳᠤᠭᠤᠨ ᠦᠢᠯᠡᠰ ᠰᠢᠨ᠎ᠠ ᠬᠦᠭᠵᠢᠯᠲᠡ ᠲᠠᠢ ᠪᠣᠯᠪᠠ᠃ ᠦᠪᠦᠷ ᠮᠣᠩᠭᠤᠯ ᠤᠨ ᠠᠳᠤᠭᠤᠨ ᠤ ᠰᠣᠳᠤᠯᠭᠠᠨᠨᠢ ᠦᠩᠭᠡᠷᠡᠭᠰᠡᠨ ᠳ᠋ᠤ ᠨᠡᠢᠭᠡᠮ ᠤᠨ ᠰᠢᠨᠵᠢᠯᠡᠬᠦ ᠤᠬᠠᠭᠠᠨ ᠤ ᠲᠠᠯ ᠠ ᠳ᠋ᠤ ᠵᠠᠩ ᠦᠢᠯᠡ ᠶᠢᠨ ᠰᠣᠳᠤᠯᠤᠯ ᠰᠢᠨᠵᠢᠯᠡᠯ ᠡᠴᠡ ᠲᠠᠮᠠᠢ ᠲᠠᠪᠠᠭ᠎ᠠ ᠦᠭᠡᠢ ᠪᠠᠢᠵᠦ᠂ ᠪᠠᠢᠭᠠᠯᠢ ᠶᠢᠨ ᠰᠢᠨᠵᠢᠯᠡᠬᠦ ᠤᠬᠠᠭᠠᠨ ᠤ ᠲᠠᠯ ᠠ ᠶᠢᠨ ᠰᠣᠳᠤᠯᠭᠠᠨ ᠨᠢ ᠡᠷᠳᠡᠮᠲᠡᠳ ᠤᠨ ᠲᠤᠭᠤᠷᠢᠭ ᠤᠨ ᠰᠣᠳᠤᠯᠭᠠᠨ ᠪᠤᠶᠤ ᠲᠣᠷᠰᠢᠯᠲᠠ ᠶᠢᠨ ᠲᠠᠰᠤᠭ ᠲᠤ ᠯᠡ ᠲᠦᠪᠯᠡᠷᠡᠳᠡᠭ ᠪᠠᠢᠪᠠ᠃ ᠬᠦᠭᠵᠢᠯᠲᠡ ᠪᠠ ᠠᠬᠤᠢ ᠶᠢᠨ ᠬᠠᠷᠠᠴᠠ ᠪᠡᠷ ᠣᠷᠤᠰᠢᠬᠤᠢ ᠳ᠋ᠤ ᠬᠠᠨᠳᠤᠵᠤ᠂ ᠠᠳᠤᠭᠤᠨ ᠦᠢᠯᠡᠰ ᠪᠠ ᠠᠳᠤᠭᠤᠨ ᠰᠣᠶᠤᠯ ᠤᠨ ᠬᠤᠶᠠᠷ ᠠᠭᠤᠯᠭ᠎ᠠ ᠵᠢ ᠴᠢᠬᠤᠯᠴᠢᠯᠠᠨ ᠰᠣᠳᠤᠯᠬᠤ ᠨᠢ ᠲᠦᠷᠦ ᠶᠢᠨ ᠪᠣᠳᠤᠯᠭ᠎ᠠ ᠪᠠ ᠪᠣᠰᠤᠳ ᠬᠦᠷᠢᠶ ᠡ ᠬᠡᠪᠴᠢᠶ ᠠ ᠳ᠋ᠤ ᠠᠰᠠᠭᠤᠳᠠᠯ ᠢ ᠲᠤᠰᠬᠠᠨ᠂ ᠠᠳᠤᠭᠤᠨ ᠤ ᠠᠵᠦ ᠦᠢᠯᠡᠰᠵᠢᠭᠦᠯᠦᠯᠲᠡ ᠵᠢ ᠠᠬᠢᠭᠤᠯᠵᠤ᠂ ᠡᠭᠦᠨ ᠤ ᠤᠯᠠᠮ ᠢᠢᠡᠷ ᠮᠠᠯᠴᠢᠳ ᠤᠨ ᠣᠷᠤᠯᠭ᠎ᠠ ᠵᠢ ᠨᠡᠮᠡᠭᠳᠡᠬᠦᠯᠬᠦ ᠪᠠ ᠠᠳᠤᠭᠤᠨ ᠤ ᠶᠡᠷᠦᠩᠬᠡᠢᠢᠯᠡᠭᠰᠡᠨ ᠰᠣᠳᠤᠯᠭᠠᠨ ᠢ ᠦᠷᠨᠢᠬᠦᠯᠬᠦ ᠵᠢᠴᠢ ᠠᠳᠤᠭᠤᠨ ᠰᠣᠳᠤᠯᠭᠠᠨ ᠤ ᠰᠢᠨ᠎ᠠ ᠨᠦᠯᠦᠭᠡ ᠵᠢ ᠪᠤᠢ ᠪᠤᠯᠭᠠᠬᠤ ᠪᠤᠯᠤᠮᠵᠢ ᠲᠠᠢ᠃ |
Original Literature |
No Original Paper
|
出自 |
内蒙古社会科学(蒙文版)
2023年
第3期
|