Paper Information


Title ᠪᠤᠳ᠋ᠳ᠋ᠾᠨ  ᠶᠢᠨ ᠱᠠᠰᠢᠨ ᠤ ᠰᠠᠨᠰᠠᠷ ᠤᠨ ᠪᠦᠳᠦᠴᠡ ᠶᠢᠨ ᠨᠤᠮᠯᠠᠯ ᠤᠨ ᠲᠤᠬᠠᠢ ᠰᠢᠨᠵᠢᠯᠡᠭᠡ —— ᠬᠦᠮᠦᠨ ᠤ ᠡᠭᠦᠰᠦᠯ ᠢᠷᠡᠯ
Creator ᠲᠤᠭᠳᠠᠬᠤᠨᠪᠠᠶᠠᠷ
Keyword ᠪᠤᠳ᠋ᠳ᠋ᠾᠨ ᠶᠢᠨ ᠱᠠᠰᠢᠨ; ᠲᠡᠭᠷᠢ; ᠬᠦᠮᠦᠨ
Abstract ᠪᠤᠳ᠋ᠳ᠋ᠾᠨ ᠶᠢᠨ ᠱᠠᠰᠢᠨ ᠤ ᠰᠠᠨᠰᠠᠷ ᠤᠨ ᠪᠦᠳᠦᠴᠡ ᠶᠢᠨ ᠨᠤᠮᠯᠠᠯ ᠳᠤ ᠬᠦᠮᠦᠨ ᠤ ᠡᠭᠦᠰᠦᠯ ᠢᠷᠡᠯ ᠢ ᠲᠦᠷᠪᠡᠨ ᠴᠠᠭ ᠦᠶ᠎ᠡ ᠬᠤᠪᠢᠶᠠᠭᠠᠳ ᠬᠦᠮᠦᠨ ᠲᠦᠷᠦᠯᠬᠢᠳᠡᠨ ᠤ ᠨᠡᠢ᠌ᠭᠡᠮ ᠤᠨ ᠪᠠᠯᠠᠷ ᠦᠶ᠎ᠡ᠂ ᠵᠡᠷᠯᠢᠭ᠍ ᠦᠶ᠎ᠡ᠂ ᠪᠤᠯᠪᠠᠰᠤᠨ ᠦᠶ᠎ᠡ ᠶᠢᠨ ᠵᠠᠷᠢᠮ ᠰᠢᠨᠵᠢ ᠪᠠᠢ᠌ᠳᠠᠯ ᠢ ᠵᠤᠬᠢᠬᠤ ᠬᠡᠮᠵᠢᠶᠡᠨ᠎ᠡ ᠬᠠᠷᠠᠭᠤᠯᠤᠭᠰᠠᠨ ᠪᠠᠢ᠌ᠳᠠᠭ᠃ ᠮᠠᠷᠺᠰ ᠤᠨ ᠦᠵᠡᠯ ᠤᠨ ᠲᠡᠦᠬᠡ ᠶᠢᠨ ᠪᠤᠳᠠᠰᠴᠢ ᠦᠵᠡᠯᠳᠡᠨ ᠤ ᠦᠵᠡᠬᠦ ᠪᠡᠷ ᠬᠦᠮᠦᠨ ᠪᠤᠯ ᠠᠮᠢᠳᠠᠨ ᠡᠴᠡ ᠬᠤᠪᠢᠰᠤᠨ ᠬᠦᠭ᠍ᠵᠢᠵᠦ ᠢᠷᠡᠭᠰᠡᠨ ᠪᠦᠭᠡᠳ ᠬᠦᠳᠡᠯᠮᠦᠷᠢ ᠪᠤᠯ ᠴᠢᠬᠤᠯᠠ ᠦᠢᠯᠡᠳᠦᠯ ᠦᠵᠡᠭᠦᠯᠵᠡᠢ᠃ ᠬᠦᠮᠦᠨ ᠲᠦᠷᠦᠯᠬᠢᠳᠡᠨ ᠪᠠᠯᠠᠷ ᠦᠶ᠎ᠡ᠂ ᠵᠡᠷᠯᠢᠭ᠍ ᠦᠶ᠎ᠡ ᠶᠢ ᠲᠠᠮᠵᠢᠵᠤ ᠪᠤᠯᠪᠠᠰᠤᠨ ᠦᠶ᠎ᠡ ᠳᠤ ᠰᠢᠯᠵᠢᠵᠦ ᠤᠷᠤᠭᠰᠠᠨ ᠨᠢ ᠬᠦᠮᠦᠨ ᠲᠦᠷᠦᠯᠬᠢᠳᠡᠨ ᠤ ᠨᠡᠢ᠌ᠭᠡᠮ ᠤᠨ ᠨᠢᠭᠡᠨ ᠲᠤᠮᠤ ᠤᠷᠤᠭᠰᠢᠯᠠᠯᠳᠠ ᠲᠠᠪᠰᠢᠯᠳᠠ ᠪᠤᠯᠤᠨ᠎ᠠ᠃ ᠭᠡᠳᠡᠯ᠎ᠡ ᠪᠤᠳ᠋ᠳ᠋ᠾᠨ ᠶᠢᠨ ᠱᠠᠰᠢᠨ ᠤ ᠦᠵᠡᠬᠦ ᠪᠡᠷ ᠬᠦᠮᠦᠨ ᠪᠤᠯ ᠠᠮᠢᠳᠠᠨ ᠡᠴᠡ ᠬᠤᠪᠢᠰᠤᠨ ᠬᠦᠭ᠍ᠵᠢᠵᠦ ᠢᠷᠡᠭᠰᠡᠨ ᠪᠢᠰᠢ᠂ ᠲᠡᠭᠷᠢ ᠡᠴᠡ ᠬᠤᠪᠢᠯᠵᠤ ᠢᠷᠡᠭᠰᠡᠨ ᠪᠠᠢ᠌ᠳᠠᠭ᠃ ᠬᠦᠮᠦᠨ ᠲᠡᠭᠷᠢ ᠡᠴᠡ ᠬᠤᠪᠢᠯᠵᠤ ᠢᠷᠡᠬᠦ ᠳ᠋ᠡᠭᠡᠨ ᠤᠷᠳᠤ ᠤᠳᠠᠭᠠᠨ ᠲᠦᠷᠪᠡᠨ ᠴᠠᠭ ᠦᠶ᠎ᠡ ᠶᠢ ᠲᠠᠮᠵᠢᠭᠰᠠᠨ ᠨᠢ ᠬᠦᠮᠦᠨ ᠲᠦᠷᠦᠯᠬᠢᠳᠡᠨ ᠤ ᠨᠡᠢ᠌ᠭᠡᠮ ᠤᠨ ᠶᠠᠮᠠᠷ ᠴᠤ ᠤᠷᠤᠭᠰᠢᠯᠠᠯᠳᠠ ᠲᠠᠪᠰᠢᠯᠳᠠ ᠪᠤᠰᠤ᠂ ᠬᠠᠷᠢᠨ ᠲᠤᠮᠤ ᠲᠤᠷᠤᠢ᠌ᠳᠠᠯ ᠪᠠᠭᠤᠷᠠᠯ ᠶᠢᠡᠷ ᠦᠵᠡᠳᠡᠭ᠃ ᠡᠨᠡ ᠨᠢ ᠪᠤᠳ᠋ᠳ᠋ᠾᠨ ᠶᠢᠨ ᠱᠠᠰᠢᠨ ᠤ ᠰᠡᠳᠭᠢᠯᠴᠢ ᠦᠵᠡᠯ ᠤᠨ ᠠᠮᠢᠳᠤᠷᠠᠬᠤᠢ ᠶᠢᠨ ᠦᠵᠡᠯᠳᠡ ᠪᠤᠯᠤᠨ ᠶᠢᠷᠳᠢᠨᠴᠦ ᠶᠢᠨ ᠦᠵᠡᠯᠳᠡ ᠡᠴᠡ ᠰᠢᠢᠳᠪᠦᠷᠢᠯᠡᠭᠳᠡᠭᠰᠡᠨ ᠶᠤᠮ᠃
Original Literature No Original Paper
出自 内蒙古社会科学(蒙文版) 2001年 第1期

联系我们


内蒙古大学图书馆
呼和浩特市大学西路235号
中国·内蒙古
P: (0471) 4992561
E: huangfeilong@imu.edu.cn