Paper Information


Title ᠬᠤᠶᠠᠷ ᠵᠤᠢ᠌ᠯ ᠤᠨ ᠲᠡᠴᠢᠷ ᠤᠨ ᠤᠷᠭᠤᠮᠠᠯ ᠤᠨ ᠤᠰᠤ ᠪᠠᠨ ᠬᠠᠮᠠᠭᠠᠯᠠᠬᠤ ᠬᠦᠴᠦ ᠶᠢ ᠠᠳᠠᠯᠢᠳᠬᠠᠬᠤ ᠨᠢ
Creator ᠮᠧᠩ ᠭᠧᠨ ᠰᠢᠶᠤᠤ; ᠰᠡᠴᠡᠨᠪᠠᠠᠲᠤᠷ; ᠵᠧᠤ ᠵᠢᠶᠠᠨ ᠬᠤᠸᠠ
Keyword ᠲᠠᠴᠢᠷ ᠤᠨ ᠤᠷᠭᠤᠮᠠᠯ; ᠤᠯᠠᠭᠠᠨ ᠪᠤᠢ᠌ᠯᠠᠰᠤ; ᠤᠰᠤ ᠪᠠᠨ ᠬᠠᠮᠠᠭᠠᠯᠠᠬᠤ
Abstract ᠪᠡᠶ᠎ᠡ ᠡᠴᠡ ᠰᠠᠯᠭᠠᠭᠰᠠᠨ ᠨᠠᠪᠴᠢᠨ ᠢᠯᠳᠡᠰᠦᠨ ᠦ ᠠᠶᠠᠨᠳᠠᠭᠠᠨ ᠤᠰᠤ ᠪᠠᠨ ᠠᠳᠠᠬᠤ ᠠᠷᠭ᠎ᠠ ᠶᠢ ᠬᠡᠷᠡᠭᠯᠡᠨ ᠬᠤᠶᠠᠷ ᠵᠤᠢ᠌ᠯ ᠤᠨ ᠲᠠᠴᠢᠷ ᠤᠨ ᠤᠷᠭᠤᠮᠠᠯ ᠤᠯᠠᠭᠠᠨ ᠪᠤᠢ᠌ᠯᠠᠰᠤ ᠪᠠ ᠬᠤᠢᠨ ᠪᠤᠢ᠌ᠯᠠᠰᠤᠨ ᠤ ᠤᠰᠤ ᠪᠠᠨ ᠬᠠᠮᠠᠭᠠᠯᠠᠬᠤ ᠬᠦᠴᠦ ᠶᠢ ᠰᠤᠳᠤᠯᠪᠠ᠃ ᠲᠤᠷᠰᠢᠯᠲᠠ ᠶᠢᠨ ᠦᠷ᠎ᠡ ᠳ᠋ᠦᠩ ᠬᠠᠷᠠᠭᠤᠯᠤᠭᠰᠠᠨ ᠨᠢ ᠤᠰᠤ ᠪᠠᠨ ᠠᠯᠳᠠᠬᠤ ᠬᠤᠭᠤᠴᠠᠭᠠᠨ ᠤ ᠤᠷᠲᠤᠳᠬᠤ ᠶᠢ ᠳᠠᠭᠠᠯᠳᠤᠨ ᠬᠤᠶᠠᠷ ᠤᠷᠭᠤᠮᠠᠯ ᠤᠨ ᠬᠤᠭᠤᠷᠤᠨᠳᠬᠢ ᠤᠰᠤ ᠪᠠᠨ ᠠᠯᠳᠠᠬᠤ ᠨᠤᠷᠮ᠎ᠠ ᠶᠢᠨ ᠵᠦᠷᠢᠶ᠎ᠡ ᠨᠢ ᠪᠠᠭ᠎ᠠ ᠠᠴᠠ ᠶᠡᠬᠡᠰᠴᠦ᠂ ᠳᠠᠬᠢᠨ ᠪᠠᠭᠠᠰᠬᠤ ᠵᠢᠮ᠎ᠡ ᠬᠠᠤᠯᠢᠲᠤ ᠬᠤᠪᠢᠰᠬᠤ ᠴᠢᠨᠠᠷ ᠢ ᠢᠯᠡᠷᠡᠭᠦᠯᠪᠡ᠃ ᠵᠠᠳᠠᠯᠤᠯᠲᠠ ᠬᠠᠷᠠᠭᠤᠯᠤᠭᠰᠠᠨ ᠨᠢ ᠪᠤᠲᠠᠭᠠᠯᠢ ᠪᠡᠶ᠎ᠡ ᠶᠢᠨ ᠬᠤᠭᠤᠷᠤᠨᠳᠤᠬᠢ ᠤᠰᠤ ᠪᠠᠨ ᠠᠯᠳᠠᠬᠤ ᠨᠤᠷᠮ᠎ᠠ ᠶᠢᠨ ᠵᠦᠷᠢᠶ᠎ᠡ ᠪᠡ ᠠᠳᠠᠯᠢ ᠪᠤᠰᠤ ᠤᠷᠭᠤᠮᠠᠯ ᠤᠨ ᠬᠤᠭᠤᠷᠤᠨᠳᠤᠬᠢ ᠤᠰᠤ ᠪᠠᠨ ᠠᠯᠳᠠᠬᠤ ᠨᠤᠷᠮ᠎ᠠ ᠶᠢᠨ ᠬᠤᠭᠤᠷᠤᠨᠳᠤᠬᠢ ᠵᠦᠷᠢᠶ᠎ᠡ ᠨᠢ ᠠᠳᠠᠯᠢᠪᠲᠤᠷ ᠨᠡᠮᠡᠭᠳᠡᠨ ᠬᠠᠰᠤᠭᠳᠠᠬᠤ ᠬᠠᠨᠳᠤᠰᠢ ᠲᠠᠢ ᠪᠠᠢ᠌ᠵᠤ᠂ ᠬᠤᠶᠠᠭᠤᠯᠠ ᠶᠢᠨ ᠤᠰᠤ ᠪᠠᠨ ᠠᠯᠳᠠᠬᠤ ᠶᠠᠪᠤᠴᠠ ᠶᠢᠨ ᠠᠬᠢᠴᠠ ᠶᠢᠨ ᠵᠢᠷᠤᠮᠠᠭ ᠵᠢᠴᠢ ᠣᠷᠭᠢᠯ ᠤᠨ ᠬᠡᠮᠵᠢᠭᠳᠡᠯ ᠦᠨ ᠡᠭᠦᠰᠬᠦ ᠬᠤᠭᠤᠴᠠᠭ᠎ᠠ ᠨᠢ ᠦᠨᠳᠦᠰᠦᠨ ᠳᠡᠭᠡᠨ ᠠᠳᠠᠯᠢᠪᠲᠤᠷ ᠪᠠᠢ᠌ᠨ᠎ᠠ᠃ ᠤᠰᠤ ᠪᠠᠨ ᠠᠯᠳᠠᠬᠤ ᠨᠤᠷᠮ᠎ᠠ ᠶᠢᠨ ᠵᠢᠷᠤᠮᠠᠭ ᠤᠨ Cubic ᠲᠦᠰᠦᠯᠡᠨ ᠨᠡᠢ᠌ᠯᠡᠭᠦᠯᠬᠦ ᠲᠡᠭᠰᠢᠳᠭᠡᠯ ᠢ ᠣᠯᠵᠤ᠂ ᠲᠤᠰ ᠵᠢᠷᠤᠮᠠᠭ ᠲᠤ ᠨᠡᠯᠢᠶᠡᠳ ᠵᠤᠬᠢᠰᠲᠠᠢ ᠪᠦᠭᠡᠳ ᠠᠢᠰᠭᠯᠠᠯᠲᠤ ᠢᠯᠡᠳᠭᠡᠬᠦ ᠬᠡᠯᠪᠡᠷᠢ ᠣᠯᠭᠤᠭᠰᠠᠨ ᠪᠠᠢ᠌ᠨ᠎ᠠ᠃ Logistic ᠲᠡᠭᠰᠢᠳᠭᠡᠯ ᠦᠨ ᠠᠷᠭ᠎ᠠ ᠪᠠᠷ ᠬᠤᠶᠠᠷ ᠤᠷᠭᠤᠮᠠᠯ ᠤᠨ ᠤᠰᠤ ᠪᠠᠨ ᠠᠯᠳᠠᠬᠤ ᠨᠤᠷᠮ᠎ᠠ ᠶᠢᠨ S ᠵᠢᠷᠤᠮᠠᠭ ᠢ ᠣᠯᠵᠤ᠂ ᠲᠡᠡᠨ ᠦ ᠨᠤᠭᠤᠷᠠᠯᠲᠠ ᠶᠢᠨ ᠴᠭ ᠡᠴᠡ ᠭᠠᠭᠳᠠᠯ ᠢ ᠲᠡᠰᠪᠦᠷᠢᠯᠡᠬᠦ ᠴᠢᠨᠠᠷ ᠢ ᠨᠢ ᠢᠯᠡᠷᠡᠭᠦᠯᠵᠡᠢ᠃ ᠲᠤᠷᠰᠢᠯᠲᠠ ᠶᠢᠨ ᠦᠷ᠎ᠡ ᠳ᠋ᠦᠩ ᠳᠦ ᠤᠯᠠᠭᠠᠨ ᠪᠤᠢ᠌ᠯᠠᠰᠤᠨ ᠤ ᠤᠰᠤ ᠪᠠᠨ ᠬᠠᠮᠠᠭᠠᠯᠠᠬᠤ ᠴᠢᠳᠠᠪᠤᠷᠢ ᠨᠢ ᠢᠯᠡᠳᠲᠡ ᠬᠤᠨᠢᠨ ᠪᠤᠢ᠌ᠯᠠᠰᠤᠨ ᠠᠴᠠ ᠴᠢᠩ᠋ᠭ᠎ᠠ᠂ ᠭᠠᠭᠳᠠᠯ ᠢ ᠲᠡᠰᠪᠦᠷᠢᠯᠡᠬᠦ ᠴᠢᠨᠠᠷ ᠨᠢ ᠬᠤᠨᠢᠨ ᠪᠤᠢ᠌ᠯᠠᠰᠤᠨ ᠠᠴᠠ ᠢᠯᠡᠷᠬᠡᠢ ᠴᠩ᠋ᠭ᠎ᠠ ᠪᠠᠢ᠌ᠬᠤ ᠶᠢ ᠣᠯᠵᠤ ᠮᠡᠳᠡᠪᠡ᠃
Original Literature View Original Paper
出自 内蒙古师范大学学报(自然科学蒙古文版) 2005年 第4期

联系我们


内蒙古大学图书馆
呼和浩特市大学西路235号
中国·内蒙古
P: (0471) 4992561
E: huangfeilong@imu.edu.cn