| Abstract | 
                ᠠᠷᠠᠳ ᠢᠷᠭᠡᠳ ᠤᠨ ᠪᠣᠳᠠᠰ ᠤᠨ ᠠᠰᠢᠭ ᠲᠤᠰᠢ ᠵᠢ ᠬᠠᠮᠠᠭᠠᠯᠠᠵᠤ᠂ ᠪᠠᠶ ᠠ ᠶᠢᠨ ᠡᠷᠭᠡ ᠴᠢᠯᠦᠭᠡ ᠵᠢ ᠨᠢ ᠪᠠᠲᠤᠯᠠᠨ᠂ ᠦᠵᠡᠯ ᠰᠡᠳᠬᠢᠯᠭᠡ ᠵᠢ ᠨᠢ ᠴᠢᠯᠦᠭᠡᠲᠠᠢ ᠪᠠᠢᠯᠭᠠᠬᠤ ᠪᠡᠷ ᠠᠭᠤᠯᠭᠠ ᠪᠣᠯᠭᠠᠭᠰᠠᠨ ᠢᠷᠭᠡᠳ ᠲᠤ  ᠪᠣᠳᠠᠳᠤ ᠡᠷᠭᠡ ᠠᠰᠢᠭ ᠣᠯᠭᠤᠬᠤ ᠪᠣᠳᠤᠯᠭᠠ ᠪᠣᠯ ᠬᠤᠪᠢᠯᠠᠢ ᠰᠡᠴᠡᠨ ᠬᠠᠭᠠᠨ ᠤ  ᠲᠦᠷᠦ ᠪᠠᠷᠢᠬᠤ ᠦᠨᠳᠦᠰᠦᠨ ᠪᠣᠳᠤᠯᠭᠠ ᠶᠢᠨ ᠨᠢᠡ ᠨᠢ ᠪᠣᠯᠤᠨᠠ᠃ ᠡᠨᠡᠬᠦ ᠪᠣᠳᠤᠯᠭᠠ ᠪᠠᠨ ᠲᠤᠤᠱᠲᠠᠢ ᠬᠡᠷᠡᠭᠵᠢᠭᠦᠯᠬᠦ ᠶᠢᠨ ᠲᠦᠯᠦᠭᠡ ᠲᠡᠷᠡ ᠦᠢᠯᠡᠳᠪᠦᠷᠢᠯᠡᠯ ᠤᠨ ᠬᠦᠴᠦᠨ ᠢ ᠬᠦᠭᠵᠢᠬᠦᠯᠬᠦ᠂ ᠱᠠᠰᠢᠨ ᠰᠤᠷᠲᠠᠬᠤᠨ ᠪᠠ ᠡᠯ ᠠ ᠵᠦᠢᠯ ᠤᠨ ᠦᠵᠡᠯ ᠰᠨᠠᠠᠭᠠᠨ ᠤ  ᠤᠷᠤᠰᠬᠠᠯ ᠢ ᠴᠢᠯᠦᠭᠡᠲᠡᠢ ᠪᠠᠢᠯᠭᠠᠬᠤ ᠂ ᠬᠠᠤᠯᠢ ᠴᠠᠭᠠᠵᠠ ᠵᠢ ᠲᠡᠭᠦᠯᠳᠡᠷᠵᠢᠭᠦᠯᠦᠨ᠂ ᠦᠭᠦᠭᠦᠯᠵᠦ ᠡᠳᠡᠭᠡᠷᠡᠭᠦᠯᠬᠦ ᠶᠡᠬᠡ ᠡᠷᠬᠡ ᠵᠢ ᠲᠦᠪ ᠲᠤ  ᠲᠦᠪᠯᠡᠷᠡᠭᠦᠯᠬᠦ ᠵᠡᠷᠭᠡ ᠠᠷᠭᠠ ᠬᠡᠮᠵᠢᠶ ᠡ ᠠᠪᠴᠠᠢ᠃ |