Abstract |
ᠦᠭᠡᠰ ᠤᠨ ᠰᠠᠩ ᠤᠨ ᠰᠣᠳᠤᠯᠭ᠎ᠠ ᠪᠣᠯ ᠰᠣᠷᠪᠤᠯᠵᠢ ᠪᠢᠴᠢᠭ ᠤᠨ ᠰᠣᠳᠤᠯᠭᠠᠨ ᠤ ᠨᠢᠭᠡᠨ ᠪᠦᠷᠢᠯᠳᠦᠬᠦᠨ ᠬᠡᠰᠡᠭ ᠮᠦᠨ᠃ ᠶᠠᠮᠠᠷᠪᠠ ᠬᠡᠯᠡᠨ ᠤ ᠦᠭᠡᠰ ᠤᠨ ᠰᠠᠩ ᠨᠢ ᠴᠦᠮ ᠲᠡᠦᠬᠡ ᠵᠢ ᠲᠠᠭᠠᠯᠳᠤᠨ ᠠᠭᠠᠵᠢᠮ ᠢᠢᠡᠷ ᠬᠣᠪᠢᠷᠠᠵᠤ ᠪᠠᠢᠳᠠᠭ ᠪᠦᠭᠡᠳ ᠠᠳᠠᠯᠢ ᠪᠣᠰᠤ ᠴᠠᠭ ᠦᠶ ᠡ ᠳ᠋ᠤ ᠠᠳᠠᠯᠢ ᠪᠣᠰᠤ ᠶᠢᠨ ᠣᠨᠴᠠᠯᠢᠭ ᠰᠢᠨᠵᠢ ᠲᠠᠢ ᠪᠠᠢᠳᠠᠭ᠃16ᠳᠤᠭᠠᠷ ᠵᠠᠭᠤᠨ ᠤ ᠡᠴᠦᠰ 17ᠳ᠋ᠤᠭᠠᠷ ᠵᠠᠭᠨᠤ ᠤ ᠡᠬᠢᠨ ᠤ ᠦᠶ ᠡ ᠳ᠋ᠤ ᠵᠤᠬᠶᠠᠭᠳᠠᠭᠰᠠᠨ 《 ᠤᠢᠰᠤᠨ ᠴᠠᠭᠠᠵᠠ》 ᠶᠢᠨ ᠦᠭᠡᠰ ᠤᠨ ᠰᠠᠩ ᠳ᠋ᠤ ᠲᠡᠭᠦᠨ ᠤ ᠪᠢᠴᠢᠭᠳᠡᠭᠰᠡᠨ ᠴᠠᠭ ᠦᠶ ᠠ ᠶᠢᠨ ᠤᠨᠴᠠᠯᠢᠭ ᠬᠢᠭᠡᠳ ᠲᠤᠬᠠᠢ ᠶᠢᠨ ᠦᠶ ᠠ ᠶᠢᠨ ᠤᠯᠤᠰ ᠲᠦᠷᠦ ᠶᠢᠨ ᠨᠤᠶᠠᠷᠬᠠᠯ᠂᠂ ᠦᠨᠳᠦᠰᠦᠲᠡᠨ ᠨᠣᠭᠦᠳ ᠤᠨ ᠬᠤᠭᠤᠷᠤᠨᠳᠤᠬᠢ ᠰᠣᠶᠤᠯ ᠤᠨ ᠰᠣᠯᠢᠯᠴᠠᠭ᠎ᠠ᠂ ᠠᠵᠤᠠ ᠬᠤᠢ ᠶᠢᠨ ᠬᠦᠭᠵᠢᠯᠲᠡ ᠵᠡᠷᠭᠡ ᠲᠠᠯ ᠠ ᠶᠢᠨ ᠰᠢᠨᠵᠢ ᠲᠡᠮᠳᠡᠭ ᠲᠤᠳᠤᠷᠬᠠᠢ ᠮᠡᠳᠡᠭᠳᠡᠨ᠎ᠠ᠃ |