Paper Information


Title ᠮᠣᠩᠭᠤᠯ ᠲᠦᠷᠦᠯ ᠬᠡᠯᠡᠨ ᠳᠡᠬᠢ ᠦᠭᠡ ᠶᠢᠨ ᠡᠬᠢᠨ ᠦ ᠱᠦᠷᠭᠦᠬᠦ ᠭᠡᠢᠭᠦᠯᠦᠭᠴᠢ ᠶᠢᠨ ᠲᠤᠬᠠᠢ
Creator ᠳᠤᠷᠠᠨ
Keyword ᠮᠣᠩᠭᠤᠯ ᠲᠦᠷᠦᠯ ᠬᠡᠯᠡ; ᠱᠦᠷᠭᠦᠬᠦ ᠭᠡᠢᠭᠦᠯᠦᠭᠴᠢ; ᠭᠡᠭᠡᠭᠳᠡᠭᠰᠡᠨ ᠰᠢᠯᠲᠠᠭᠠᠨ
Abstract ᠣᠷᠴᠢᠨ ᠦᠶ᠎ᠡ ᠶᠢᠨ ᠮᠣᠩᠭᠤᠯ ᠬᠡᠯᠡᠨ ᠦ ᠡᠭᠡᠰᠢᠭ ᠢᠶᠡᠷ ᠡᠬᠢᠯᠡᠵᠦ ᠪᠠᠢᠭ᠎ᠠ ᠦᠭᠡᠰ ᠦᠨ ᠨᠡᠯᠢᠶᠡᠳ ᠨᠢ ᠬᠢᠲᠠᠳ᠂ ᠠᠷᠠᠪ᠂ ᠫᠧᠷᠰ᠂ ᠳᠦᠷᠪᠡᠯᠵᠢᠨ ᠦᠰᠦᠭ ᠢᠶᠡᠷ ᠲᠡᠮᠳᠡᠭᠯᠡᠭᠳᠡᠭᠰᠡᠨ ᠳᠤᠮᠳᠠᠳᠤ ᠡᠷᠲᠡᠨ ᠦ ᠮᠣᠩᠭᠤᠯ ᠬᠡᠯᠡᠨ ᠦ ᠳᠤᠷᠠᠰᠬᠠᠯᠲᠤ ᠪᠢᠴᠢᠭ ᠦᠳ ᠲᠦ ᠱᠦᠷᠭᠦᠬᠦ h ᠋ ᠢᠶᠡᠷ ᠡᠬᠢᠯᠡᠭᠰᠡᠨ ᠪᠠᠢᠭ᠎ᠠ ᠶᠤᠮ᠃ ᠮᠦᠨ ᠴᠦ ᠮᠣᠩᠭᠤᠯ ᠬᠡᠯᠡᠨ ᠦ ᠬᠦᠭᠵᠢᠯ ᠦᠨ ᠬᠠᠷᠢᠴᠠᠩᠭᠤᠢ ᠡᠷᠲᠡᠨ ᠦ ᠰᠢᠨᠵᠢ ᠶᠢ ᠳᠤᠰᠬᠠᠭᠰᠠᠨ ᠳ᠋ᠦᠩᠰᠢᠶᠠᠩ᠂ ᠪᠤᠤ ᠠᠨ᠂ ᠰᠢᠷ᠎ᠠ ᠶᠤᠭᠤᠷ᠂ ᠮᠤᠩᠭᠤᠷ᠂ ᠳᠠᠭᠤᠷ ᠵᠡᠷᠭᠡ ᠬᠡᠯᠡ ᠨᠦᠬᠦᠳ ᠲᠦ ᠣᠳᠣ ᠪᠤᠯᠲᠠᠯ᠎ᠠ ᠱᠦᠷᠭᠦᠬᠦ h᠋ ᠤᠨ ᠤᠯᠠ ᠮᠦᠷ ᠬᠠᠷᠠᠭᠳᠠᠵᠤ ᠪᠤᠢ᠃ ᠭᠡᠪᠡᠴᠦ ᠬᠡᠯᠡᠨ ᠦ ᠬᠦᠭᠵᠢᠯ ᠢ ᠳᠠᠭᠠᠯᠳᠤᠨ ᠦᠭᠡ ᠶᠢᠨ ᠡᠬᠢᠨ ᠦ ᠱᠦᠷᠭᠦᠬᠦ ᠭᠡᠢᠭᠦᠯᠦᠭᠴᠢ h ᠨᠢ 18 ᠳᠤᠭᠠᠷ ᠵᠠᠭᠤᠨ ᠪᠤᠯᠬᠤ ᠳᠤ ᠮᠣᠩᠭᠤᠯ ᠬᠡᠯᠡᠨ ᠦ ᠲᠡᠦᠬᠡᠨ ᠲᠠᠪᠴᠠᠩ ᠠᠴᠠ ᠨᠢᠭᠡᠨᠲᠡ ᠣᠷᠤ ᠮᠦᠷ ᠦᠭᠡᠢ ᠠᠷᠢᠯᠤᠭᠰᠠᠨ ᠪᠠᠢᠨ᠎ᠠ᠃ ᠲᠤᠰ ᠦᠭᠦᠯᠡᠯ ᠳᠦ᠂ ᠮᠣᠩᠭᠤᠯ ᠲᠦᠷᠦᠯ ᠬᠡᠯᠡᠨ ᠳᠡᠬᠢ ᠦᠭᠡ ᠶᠢᠨ ᠡᠬᠢᠨ ᠦ ᠱᠦᠷᠭᠦᠬᠦ ᠭᠡᠢᠭᠦᠯᠦᠭᠴᠢ ᠶᠢᠨ ᠪᠠᠢᠳᠠᠯ ᠢ ᠨᠠᠷᠢᠨ ᠲᠤᠳᠤᠷᠬᠠᠢᠯᠠᠬᠤ ᠶᠢᠨ ᠳᠠᠭᠠᠤ ᠦᠭᠡ ᠶᠢᠨ ᠡᠬᠢᠨ ᠦ ᠱᠦᠷᠭᠦᠬᠦ ᠭᠡᠢᠭᠦᠯᠦᠭᠴᠢ ᠶᠢᠨ ᠭᠡᠭᠡᠭᠳᠡᠭᠰᠡᠨ ᠰᠢᠯᠲᠠᠭᠠᠨ ᠢ ᠦᠭᠡ ᠶᠢᠨ ᠳᠤᠮᠳᠠᠬᠢ ᠱᠦᠷᠭᠦᠬᠦ ᠭᠡᠢᠭᠦᠯᠦᠭᠴᠢ (ᠤᠷᠲᠤᠳᠬᠠᠯ ᠪᠦᠲᠦᠴᠡ vcv ᠋ ᠶᠢᠨ ᠳᠤᠮᠳᠠᠬᠢ ᠭᠡᠢᠭᠦᠯᠦᠭᠴᠢ) ᠶᠢᠨ ᠭᠡᠭᠡᠭᠳᠡᠭᠰᠡᠨ ᠲᠡᠢ ᠰᠢᠭᠤᠳ ᠬᠤᠯᠪᠤᠭ᠎ᠠ ᠲᠠᠢ ᠭᠡᠰᠡᠨ ᠦᠵᠡᠯᠲᠡ ᠪᠡᠨ ᠳᠤᠷᠠᠳᠴᠠᠢ᠃
Original Literature View Original Paper
出自 中国蒙古学 2015年 第3期

联系我们


内蒙古大学图书馆
呼和浩特市大学西路235号
中国·内蒙古
P: (0471) 4992561
E: huangfeilong@imu.edu.cn