| Abstract | 
                ᠦᠭᠡ ᠪᠤᠯ ᠠᠪᠢᠶ ᠠ ᠪᠠ ᠤᠳᠬ ᠠ ᠶᠢᠨ ᠨᠢᠭᠡᠲᠦᠮᠡᠯ ᠴᠣᠭᠴᠠ ᠮᠦᠨ᠃ ᠮᠣᠩᠭᠤᠯ ᠬᠡᠯᠡᠨ ᠳ᠋ᠡᠬᠢ ᠦᠩᠭᠡ ᠵᠢ ᠨᠠᠷᠡᠢᠳᠦᠨ ᠵᠢᠭᠠᠭᠰᠠᠨ ᠦᠭᠡ ᠨᠢ ᠬᠡᠷᠡᠭ ᠪᠣᠳᠠᠰ᠂ ᠦᠵᠡᠭᠳᠡᠯ ᠤᠨ ᠦᠩᠭᠡ ᠶᠢᠨ ᠨᠠᠷᠢᠨ ᠢᠯᠭᠠᠮᠵᠢ ᠵᠢ ᠵᠢᠭᠠᠨ ᠨᠡᠷᠡᠯᠡᠬᠦ ᠪᠡᠷ ᠪᠠᠷᠠᠬᠤ ᠦᠭᠡᠢ ᠂ ᠠᠳᠤᠭᠤᠰᠤ ᠮᠠᠯ᠂ ᠠᠮᠢᠲᠠᠨ ᠤᠷᠭᠤᠮᠠᠯ ᠤᠨ ᠩᠭᠡ ᠵᠢᠰᠦᠮ᠂ ᠨᠡᠷᠡᠢᠳᠦᠯ ᠢ ᠢᠭᠠᠳᠠᠭ ᠲᠤᠯᠠ ᠲᠤᠩ ᠨᠠᠷᠢᠨ ᠪᠤᠲᠤᠯᠢᠶᠠᠨᠳᠠᠢ ᠪᠠᠢᠳᠠᠭ ᠶᠣᠮ᠃ ᠵᠤᠬᠢᠶᠠᠭᠴᠢ ᠲᠤᠰ ᠦᠭᠦᠯᠡᠯ ᠳ᠋ᠤ᠂ ᠮᠣᠩᠭᠤᠯ ᠬᠡᠯᠡᠨ ᠤ 《 ᠬᠦᠬᠡ 》 ᠭᠡᠳᠡᠭ ᠦᠭᠡ ᠶᠢᠨ ᠢᠷᠡᠯ ᠭᠠᠷᠤᠯ ᠢ ᠤᠬᠤᠴᠢᠯᠠᠬᠤ ᠶᠢᠨ ᠲᠠᠭᠤ《 ᠬᠦᠭᠡ》 ᠭᠡᠳᠡᠭ ᠦᠭᠡ ᠵᠢ ᠪᠦᠬᠦᠢᠯᠡ ᠦᠩᠭᠡ ᠶᠢᠨ ᠲᠤᠭᠲᠠᠯᠴᠠᠭᠠᠨ ᠳ᠋ᠤ ᠨᠢᠭᠡ ᠪᠡᠶ ᠠ ᠪᠠᠨ ᠲᠠᠭᠠᠭᠠᠭᠰᠠᠨ ᠨᠢᠭᠡᠴᠢ ᠭᠡᠵᠦ ᠦᠵᠡᠭᠡᠳ᠂ᠤᠳᠬᠠᠯᠠᠪᠤᠷᠢᠯᠠᠨ ᠵᠠᠳᠠᠯᠬᠤ ᠠᠷᠭᠠ ᠪᠡᠡᠷ ᠲᠡᠭᠦᠨ ᠤ  ᠣᠦᠮ ᠠ ᠤᠳᠬ ᠠ ᠪᠠ ᠰᠠᠯᠪᠤᠷᠢ ᠤᠳᠬ ᠠ 《 ᠰᠢᠨᠵᠢᠭᠰᠡᠨ ᠤᠳᠬ ᠠ᠂ ᠵᠢᠷᠦᠯᠡᠭᠰᠨᠡ ᠤᠳᠬ ᠠ》  ᠵᠢᠴᠢ ᠬᠡᠯᠡᠨ ᠤ ᠣᠷᠴᠢᠨ  ᠳ᠋ᠤ ᠢᠯᠡᠷᠡᠬᠦ ᠵᠠᠷᠢᠮ ᠤᠳᠬᠠᠯᠠᠪᠤᠷᠢ ᠨᠢᠭᠡᠪᠦᠷᠢ ᠵᠢ ᠵᠢᠰᠢᠶ ᠡ ᠲᠠᠳᠠᠵᠤ ᠲᠤᠳᠤᠷᠬᠠᠢᠯᠠᠪᠠ᠃ |