Abstract |
ᠲᠤᠰ ᠰᠣᠳᠤᠯᠭ᠎ᠠ ᠨᠢ ᠮᠣᠩᠭᠤᠯ ᠬᠦᠬᠡᠮᠡᠢ ᠶᠢᠨ ᠰᠤᠷᠭᠠᠯᠲᠠ ᠶᠢᠨ ᠠᠷᠭ᠎ᠠ ᠵᠦᠢ ᠪᠡᠷ ᠬᠦᠬᠡᠮᠡᠢ ᠶᠢᠨ ᠲᠠᠯᠪᠢᠯ ᠤᠨ ᠲᠤᠷᠰᠢᠯᠲᠡ ᠰᠣᠳᠤᠯᠭ᠎ᠠ ᠶᠠᠪᠤᠭᠤᠯᠵᠤ᠂ ᠰᠣᠳᠤᠯᠭᠠᠨ ᠤ ᠦᠷ ᠡ ᠳ᠋ᠦᠩ ᠢ ᠲᠤᠭᠠᠴᠠᠬᠤ᠂ ᠰᠠᠨᠠᠯ ᠵᠦᠪᠯᠡᠯᠭᠡ ᠲᠡᠪᠰᠢᠬᠦᠯᠬᠦ ᠵᠤᠷᠢᠯᠭ᠎ᠠ ᠪᠡᠷ ᠬᠢᠭᠳᠡᠭᠰᠡᠨ ᠠᠵᠢᠯ ᠪᠤᠯᠤᠨ᠎ᠠ᠃ ᠦᠭᠦᠯᠡᠯ ᠳ᠋ᠤ ᠲᠤᠷᠰᠢᠯᠲᠡ ᠰᠣᠳᠤᠯᠭᠠᠨ ᠤ ᠠᠷᠭ᠎ᠠ ᠪᠡᠷ ᠤᠷᠤᠯᠴᠠᠭᠴᠢᠳ ᠤᠨ ᠡᠩ ᠤᠨ ᠠᠮᠢᠰᠬᠤᠯ ᠤᠨ ᠲᠠᠯᠪᠢᠯ᠂ ᠶᠡᠬᠡ ᠠᠮᠢᠰᠬᠤᠯ ᠤᠨ ᠲᠠᠯᠪᠢᠯ᠂ ᠰᠢᠬᠠᠭ᠎ᠠ ᠪᠤᠶᠤ ᠪᠠᠭᠠᠯᠵᠠᠭᠤᠷ ᠬᠦᠬᠡᠮᠡᠢ ᠶᠢᠨ ᠲᠠᠯᠪᠢᠯ᠂ᠢᠰᠭᠡᠷᠦᠭᠡ ᠪᠤᠶᠤ ᠨᠠᠷᠢᠨ ᠬᠦᠬᠡᠮᠡᠢ ᠶᠢᠨ ᠲᠠᠯᠪᠢᠯ᠂ ᠬᠠᠷᠬᠢᠷᠠᠭ᠎ᠠ ᠬᠦᠬᠡᠮᠡᠢ ᠶᠢᠨ ᠲᠠᠯᠪᠢᠯ᠂ ᠴᠣᠭᠤᠷ ᠬᠦᠬᠡᠮᠡᠢ ᠶᠢᠨ ᠲᠠᠯᠪᠢᠯ᠂ ᠬᠠᠮᠠᠷ ᠤᠨ ᠬᠦᠬᠡᠮᠡᠢ ᠶᠢᠨ ᠲᠠᠯᠪᠢᠯ᠂ᠬᠤᠤᠰᠮᠠᠯᠵᠢᠨ ᠬᠦᠬᠡᠮᠡᠢ ᠶᠢᠨ ᠲᠠᠯᠪᠢᠯ ᠳ᠋ᠤ ᠰᠤᠷᠤᠯᠴᠠᠵᠤ ᠪᠠᠢᠭ᠎ᠠ ᠪᠠᠢᠳᠠᠯ ᠢ ᠰᠣᠳᠤᠯᠵᠤ ᠂ ᠬᠦᠬᠡᠮᠡᠢ ᠶᠢᠨ ᠰᠤᠷᠭᠠᠯᠲᠠ ᠶᠢᠨ ᠠᠷᠭ᠎ᠠ ᠵᠦᠢ ᠵᠢ ᠲᠤᠷᠰᠢᠵᠦ᠂ ᠦᠷ ᠠ ᠳ᠋ᠦᠩ ᠢ ᠲᠤᠭᠠᠴᠢᠭᠰᠠᠨ ᠪᠠᠢᠨ᠎ᠠ᠃ |