Abstract |
ᠤᠳᠬ ᠠ ᠵᠤᠬᠢᠶᠠᠯ ᠤᠨ ᠦᠢᠯᠡᠳᠦᠯ ᠬᠡᠷᠡᠭᠴᠡᠭᠡ ᠵᠢ ᠳ᠋ᠦᠩᠨᠡᠵᠦ ᠪᠠᠢᠭ᠎ᠠ ᠨᠢ ᠤᠳᠬ ᠠ ᠵᠤᠬᠢᠶᠠᠯ ᠤᠨ ᠤᠷᠤᠰᠢᠬᠤᠢ ᠵᠢ ᠨᠤᠲᠠᠯᠠᠵᠤ ᠪᠠᠢᠭ᠎ᠠ ᠶᠢᠨ ᠴᠢᠬᠤᠯᠠ ᠨᠢᠭᠡᠨ ᠭᠡᠷᠡᠴᠢ ᠪᠤᠯᠤᠨ᠎ᠠ᠃ ᠤᠷᠴᠢᠨ ᠣᠳᠤ ᠬᠤᠶᠠᠷᠡ ᠲᠡᠦᠭᠡᠨ ᠴᠠᠭ ᠦᠶ ᠠ ᠵᠢ ᠰᠣᠨᠳᠠᠯᠠᠭᠰᠠᠨ ᠠᠯᠳᠠᠷᠲᠤ ᠢᠷᠠᠭᠤ ᠨᠠᠢᠷᠠᠭᠴᠢ ᠨᠠ᠂ ᠰᠠᠢᠨᠴᠣᠭᠲᠤ ᠶᠢᠨ ᠤᠳᠬ ᠠ ᠵᠤᠬᠢᠶᠠᠯ ᠤᠨ ᠦᠢᠯᠡᠳᠦᠯ ᠬᠡᠷᠡᠭᠴᠡᠭᠡ ᠶᠢᠨ ᠲᠤᠬᠠᠢ ᠦᠵᠡᠯᠲᠡ ᠨᠢ ᠤᠷᠢᠳᠤᠬᠢ ᠡᠷᠳᠡᠮᠲᠡᠳ ᠤᠨ ᠦᠵᠡᠯᠲᠡ ᠵᠢ ᠵᠠᠯᠭᠠᠮᠵᠢᠯᠠᠬᠤ ᠶᠢᠨ ᠲᠠᠭᠤ ᠰᠢᠨᠡᠴᠢᠯᠡᠭᠰᠡᠨ ᠪᠢᠯᠡ᠃ ᠲᠡᠭᠦᠨ ᠤ ᠠᠳᠠᠯᠢ ᠪᠤᠰᠤ ᠶᠢᠨ ᠤᠨᠤᠯ ᠤᠨ ᠵᠢᠯᠤᠭᠤᠳᠤᠯᠭ᠎ᠠ ᠲᠤᠤᠷᠠᠬᠢ ᠤᠳᠬ ᠠ ᠵᠤᠬᠢᠶᠠᠯ ᠤᠨ ᠦᠢᠯᠡᠳᠦᠯ ᠤᠨ ᠲᠤᠬᠠᠢ ᠦᠵᠡᠯᠲᠡ ᠨᠢ ᠵᠤᠬᠢᠬᠤ ᠬᠡᠮᠵᠢᠶᠠᠨ ᠤ ᠲᠡᠭᠡᠷ ᠠ ᠡᠷᠲᠡᠨ ᠤ ᠬᠢ ᠵᠢ ᠰᠢᠭᠤᠳ ᠵᠠᠯᠭᠠᠮᠵᠢᠯᠠᠭᠰᠠᠨ ᠲᠡᠳᠦᠢ ᠦᠭᠡᠢ ᠪᠠᠰᠠ ᠨᠡᠢᠭᠡᠮ ᠲᠡᠦᠬᠡ ᠶᠢᠨ ᠬᠤᠪᠢᠰᠤᠯᠲᠠ ᠵᠢ ᠲᠠᠭᠠᠵᠤ ᠰᠢᠨ᠎ᠠ ᠠᠭᠤᠯᠬᠤᠨ ᠲᠠᠢ ᠪᠤᠯᠤᠭᠰᠠᠨ ᠠᠵᠢ᠃ |