Paper Information


Title ᠬᠠᠭᠤᠴᠢᠨ ᠴᠠᠬᠠᠷ᠂ ᠲᠠᠪᠤᠨ ᠣᠲᠤᠭ ᠴᠠᠬᠠᠷ᠂ ᠨᠠᠢᠮᠠᠨ ᠣᠲᠤᠭ ᠴᠠᠬᠠᠷ ᠲᠦᠮᠡᠨ — 17᠋ ᠳᠤᠭᠠᠷ ᠵᠠᠭᠤᠨ ᠠᠴᠠ ᠡᠮᠦᠨᠡᠬᠢ ᠴᠠᠬᠠᠷ ᠤᠨ ᠲᠡᠦᠬᠡᠨ ᠡᠴᠡ
Creator ᠵᠢᠭᠠᠴᠢᠲᠠᠢ ᠪᠤᠶᠠᠨᠳᠡᠯᠭᠡᠷ
Keyword
Abstract ᠲᠤᠰ ᠦᠭᠦᠯᠡᠯ ᠳᠦ ᠴᠠᠬᠠᠷ ᠲᠦᠮᠡᠨ ᠦ ᠡᠷᠲᠡᠨ ᠦ ᠲᠡᠦᠬᠡᠨ ᠳᠡᠬᠢ ᠵᠠᠷᠢᠮ ᠠᠰᠠᠭᠤᠳᠠᠯ ᠳᠤ ᠰᠢᠨᠵᠢᠯᠡᠯ ᠬᠢᠵᠡᠢ᠃ 《ᠴᠠᠬᠠᠷ》ᠪᠤᠯ 《ᠬᠠᠭᠤᠴᠢᠨ ᠴᠠᠬᠠᠷ》᠋ ᠤᠨ ᠲᠤᠪᠴᠢᠯᠠᠯ᠃ ᠬᠠᠭᠤᠴᠢᠨ ᠴᠠᠬᠠᠷ ᠪᠤᠯ ᠴᠠᠬᠠᠷ ᠲᠦᠮᠡᠨ ᠦ ᠠᠩ᠋ᠬᠠᠨ ᠤ ᠲᠠᠪᠤᠨ ᠶᠡᠬᠡ ᠣᠲᠤᠭ ᠤᠨ ᠳᠤᠲᠤᠷᠠᠬᠢ ᠠᠬᠠᠯᠠᠭᠴᠢ ᠣᠲᠤᠭ᠂ ᠡᠨᠡ ᠣᠲᠤᠭ ᠤᠨ ᠨᠡᠷ᠎ᠡ ᠡᠴᠡ ᠴᠠᠬᠠᠷ ᠭᠡᠰᠡᠨ ᠤᠯᠤᠰ ᠪᠤᠶᠤ ᠲᠦᠮᠡᠨ ᠦ ᠨᠡᠷ᠎ᠡ ᠡᠭᠦᠰᠴᠡᠢ᠃ 《ᠴᠠᠬᠠᠷ》ᠭᠡᠳᠡᠭ ᠦᠭᠡ ᠫᠧᠷᠰ ᠭᠠᠷᠤᠯᠲᠠᠢ᠂ 《ᠬᠡᠦᠬᠡᠳ᠂ ᠰᠢᠳᠡᠷ》ᠬᠡᠮᠡᠬᠦ ᠤᠳᠬ᠎ᠠ ᠲᠠᠢ᠃ ᠴᠠᠬᠠᠷ ᠲᠦᠮᠡᠨ ᠦ ᠡᠬᠢ ᠡᠭᠦᠰᠦᠯ ᠲᠤᠯᠤᠷ᠂ ᠰᠤᠷᠬᠠᠭᠳᠠᠨᠢ ᠶᠢᠨ ᠤᠯᠤᠰ ᠢᠷᠭᠡᠳ ᠲᠠᠢ ᠲᠡᠦᠬᠡᠨ ᠬᠤᠯᠪᠤᠭ᠎ᠠ ᠲᠠᠢ᠃ 15᠋ ᠳᠤᠭᠠᠷ ᠵᠠᠭᠤᠨ ᠠᠴᠠ ᠬᠤᠪᠢᠯᠠᠢ ᠬᠠᠭᠠᠨ ᠤ ᠬᠤᠢ᠌ᠴᠢᠰ ᠭᠠᠷᠤᠯᠲᠠᠢ ᠮᠣᠩ᠋ᠭᠤᠯ ᠬᠠᠭᠠᠳ ᠤᠨ ᠬᠠᠭᠠᠨ ᠤᠷᠲᠤ ᠴᠠᠬᠠᠷ ᠲᠦᠮᠡᠨ ᠳᠦ ᠰᠠᠭᠤᠵᠤ᠂ ᠴᠠᠬᠠᠷ ᠲᠦᠮᠡᠨ ᠬᠠᠭᠠᠨ ᠤ ᠰᠢᠭᠤᠳ ᠡᠵᠡᠮᠰᠢᠯ ᠳᠦ ᠪᠠᠢ᠌ᠵᠠᠢ᠃ ᠮᠠᠨᠳᠤᠭᠤᠯ ᠬᠠᠭᠠᠨ ᠤ ᠨᠤᠶᠠᠯᠠᠯ ᠳᠤᠤᠷ᠎ᠠ ᠴᠠᠬᠠᠷ ᠲᠦᠮᠡᠨ ᠬᠦᠴᠦᠷᠬᠡᠭ᠍ᠵᠢᠵᠦ᠂ ᠮᠣᠩ᠋ᠭᠤᠯ ᠬᠠᠭᠠᠳ ᠤᠨ ᠬᠠᠷᠢᠶᠠᠨ ᠳᠠᠬᠢ ᠵᠢᠷᠭᠤᠭᠠᠨ ᠲᠦᠮᠡᠨ ᠦ ᠳᠤᠲᠤᠷ᠎ᠠ ᠠᠬᠠᠯᠠᠬᠤ ᠪᠠᠢ᠌ᠷᠢ ᠶᠢ ᠡᠵᠡᠯᠡᠭᠰᠡᠨ᠃ 15᠋ ᠳᠤᠭᠠᠷ ᠵᠠᠭᠤᠨ ᠤ ᠰᠡᠭᠦᠯᠴᠢ 16᠋ ᠳᠤᠭᠠᠷ ᠵᠠᠭᠤᠨ ᠤ ᠡᠬᠢᠨ ᠳᠦ ᠴᠠᠬᠠᠷ ᠲᠦᠮᠡᠨ ᠳᠦ ᠲᠠᠪᠤᠨ ᠶᠡᠬᠡ ᠣᠲᠤᠭ ᠲᠠᠢ ᠪᠠᠢ᠌ᠭᠰᠠᠨ ᠠᠴᠠ 16᠋ ᠳᠤᠭᠠᠷ ᠵᠠᠭᠤᠨ ᠤ ᠬᠤᠢ᠌ᠨ᠎ᠠ ᠬᠠᠭᠠᠰ ᠪᠤᠯᠬᠤ ᠳᠤ ᠣᠯᠤᠰᠪᠤᠯᠤᠳ ᠤᠨ ᠦᠷ᠎ᠡ ᠠᠴᠢᠨᠠᠷ ᠴᠠᠬᠠᠷ ᠲᠦᠮᠡᠨ ᠦ ᠳᠤᠲᠤᠭᠠᠳᠤ ᠳᠤ ᠲᠠᠰᠤᠷᠠᠯᠲᠠ ᠦᠭᠡᠢ ᠦᠮᠴᠢ ᠬᠤᠪᠢᠶᠠᠭᠰᠠᠨ ᠠᠴᠠ ᠡᠳᠦᠢ ᠲᠡᠳᠦᠢ ᠰᠢᠨ᠎ᠡ ᠣᠲᠤᠭ ᠤᠳ ᠨᠡᠮᠡᠭᠳᠡᠭᠰᠡᠨ ᠪᠤᠯᠪᠠᠴᠤ ᠶᠡᠬᠡ ᠣᠲᠤᠭ ᠨᠢ ᠨᠠᠢᠮᠠᠬᠠᠨ ᠪᠠᠢ᠌ᠵᠠᠢ᠃ ᠮᠣᠩ᠋ᠭᠤᠯ ᠰᠤᠷᠪᠤᠯᠵᠢᠰ ᠲᠤ ᠴᠠᠬᠠᠷ ᠢ 《ᠨᠠᠢᠮᠠᠨ ᠣᠲᠤᠭ ᠴᠠᠬᠠᠷ》ᠬᠡᠮᠡᠳᠡᠭ ᠨᠢ ᠶᠠᠭ ᠡᠭᠦᠨ ᠢ ᠦᠨᠳᠦᠰᠦᠯᠡᠭᠰᠡᠨ᠃ ᠨᠠᠢᠮᠠᠨ ᠣᠲᠤᠭ ᠠᠨᠤ ᠠᠷᠤ ᠶᠢᠨ ᠪᠤᠶᠤ ᠪᠠᠷᠠᠭᠤᠨ ᠭᠠᠷ ᠤᠨ ᠬᠠᠭᠤᠴᠢᠳ᠂ ᠰᠦᠨᠢᠳ᠂ ᠦᠵᠦᠮᠦᠴᠢᠨ᠂ ᠬᠡᠰᠢᠭᠲᠡᠨ ᠳᠦᠷᠪᠡᠨ ᠣᠲᠤᠭ᠃ ᠦᠯᠭᠡ (ᠦᠪᠦᠷ)᠋ ᠶᠢᠨ ᠪᠤᠶᠤ ᠵᠡᠭᠦᠨ ᠭᠠᠷ ᠤᠨ ᠠᠯᠬᠠᠴᠢᠭᠤᠳ᠂ ᠠᠤᠬᠠᠨ᠂ ᠨᠠᠢᠮᠠᠨ᠂ ᠤᠷᠤᠭᠤᠳ ᠳᠦᠷᠪᠡᠨ ᠣᠲᠤᠭ᠃
Original Literature No Original Paper
出自 内蒙古大学学报 1998年 第3期

联系我们


内蒙古大学图书馆
呼和浩特市大学西路235号
中国·内蒙古
P: (0471) 4992561
E: huangfeilong@imu.edu.cn