| Title |
《ᠭᠠᠰᠢᠭᠤᠨ ᠤ ᠲᠤᠳᠤᠷᠠᠬᠢ ᠲᠡᠯᠴᠢᠯᠡᠭᠴᠢ ᠬᠡᠮᠡᠬᠦ ᠦᠯᠢᠭᠡᠷ》 ᠪᠠ 《 ᠨᠢᠦ ᠲᠢᠶᠠᠨ ᠼᠢ ᠶᠢᠨ ᠨᠠᠮᠳᠠᠷ》 ᠬᠤᠶᠠᠷ ᠲᠤᠭᠤᠵᠢᠰ ᠤᠨ ᠬᠠᠷᠢᠴᠠᠭᠤᠯᠤᠯ |
| Creator |
ᠵᠤᠤ ᠵᠢᠩ ᠵᠢᠩ |
| Keyword |
ᠯᠤᠤ ᠱᠸ︔ ᠷᠢᠨᠴᠢᠨᠬᠤᠷᠯᠤ︔ ᠲᠤᠭᠤᠵᠢᠰ︔ ᠬᠠᠷᠢᠴᠠᠭᠤᠯᠤᠯ︔ ᠨᠦᠯᠦᠭᠡ |
| Abstract |
ᠲᠤᠰ ᠦᠭᠦᠯᠡᠯ ᠳ᠋ᠤ ᠯᠤᠤ ᠱᠸ ᠶᠢᠨ ᠷᠤᠮᠠᠨ《 ᠨᠢᠤ ᠲᠢᠶᠠᠨ ᠼᠢ ᠶᠢᠨ ᠨᠠᠮᠲᠠᠷ》 ᠪᠠ ᠷᠢᠨᠴᠢᠨᠬᠤᠷᠯᠤ ᠶᠢᠨ 《 ᠭᠠᠰᠢᠭᠤᠨ ᠤ ᠲᠤᠳᠤᠷᠠᠬᠢ ᠲᠡᠯᠴᠢᠯᠡᠭᠴᠢ ᠬᠡᠮᠡᠬᠦ ᠦᠯᠢᠭᠡᠷ》 ᠢ ᠬᠠᠷᠢᠴᠠᠭᠤᠯᠤᠨ ᠰᠢᠨᠵᠢᠯᠡᠭᠡᠳᠮ ᠦᠵᠡᠭᠦᠯᠦᠯ᠂ ᠰᠢᠬᠦᠮᠵᠢᠯᠡᠯ᠂ ᠰᠡᠭᠡᠭᠡᠷᠡᠭᠦᠯᠦᠯ᠂ ᠤᠷᠢᠶᠠᠯᠠᠯ ᠭᠡᠬᠦ ᠲᠦᠷᠪᠡᠨ ᠲᠦᠰᠦᠭᠡᠲᠡᠢ ᠲᠠᠯ ᠠ ᠪᠠᠢᠬᠤ ᠵᠢ ᠦᠭᠦᠯᠡᠪᠡ᠃1940ᠤᠨ ᠳ᠋ᠤ ᠨᠡᠢᠲᠡᠯᠡᠭᠳᠡᠭᠰᠡᠨ ᠷᠢᠨᠴᠢᠨᠬᠤᠷᠯᠤ ᠶᠢᠨ 《 ᠭᠠᠰᠢᠭᠤᠨ ᠤ ᠲᠤᠳᠤᠷᠠᠬᠢ ᠲᠡᠯᠴᠢᠯᠡᠭᠴᠢ ᠬᠡᠮᠡᠬᠦ ᠦᠯᠢᠭᠡᠷ》 ᠨᠢ 1936ᠣᠨ ᠳ᠋ᠤ ᠨᠡᠢᠲᠡᠯᠡᠭᠳᠡᠭᠰᠡᠨ ᠯᠤᠤ ᠱᠸ ᠶᠢᠨ《 ᠨᠢᠦ ᠲᠢᠶᠠᠨ ᠼᠢ ᠶᠢᠨ ᠨᠠᠮᠲᠠᠷ》 ᠯᠤᠭ᠎ᠠ ᠦᠨᠦᠴᠢᠷᠡᠯ ᠱᠤᠭᠤᠪᠲᠤᠷᠯᠠᠭᠳᠠᠯ᠂ ᠭᠠᠰᠢᠭᠤᠨ ᠵᠤᠪᠠᠯᠠᠩ᠂ ᠦᠰᠦᠨ ᠪᠤᠢᠵᠢᠯᠲᠡ ᠶᠢᠨ ᠪᠢᠴᠢᠭᠡᠯᠡᠯ᠂ ᠨᠡᠢᠭᠡᠮ ᠪᠠ ᠬᠦᠮᠦᠨ ᠤ ᠲᠤᠬᠠᠢ ᠰᠢᠬᠦᠮᠵᠢᠯᠡᠯ᠂ ᠡᠵᠡᠨ ᠪᠡᠶ ᠠ ᠶᠢᠨ ᠤᠬᠠᠮᠰᠠᠷ ᠤᠨ ᠰᠡᠭᠡᠭᠡᠷᠡᠭᠦᠯᠦᠯ᠂ ᠭᠡᠷ ᠪᠦᠯᠢ ᠶᠢᠨ ᠬᠦᠮᠦᠵᠢᠯ ᠪᠠ ᠰᠤᠷᠭᠠᠭᠤᠯᠢ ᠶᠢᠨ ᠬᠦᠮᠦᠵᠢᠯ ᠤᠨ ᠤᠷᠢᠶᠠᠯᠠᠯ ᠵᠡᠷᠭᠡ ᠲᠠᠯ ᠠ ᠪᠡᠷ ᠢᠢᠡᠨ ᠲᠦᠰᠦᠭᠡᠪᠲᠦᠷ ᠰᠢᠨᠵᠢ ᠲᠠᠢ ᠪᠣᠯᠪᠠ᠃ |
| Original Literature |
View Original Paper
|
| 出自 |
内蒙古大学学报
2022年
第4期
|