Paper Information


Title 1900 ᠣᠨ ᠳ ᠦᠪᠦᠷ ᠮᠣᠩ᠋ᠭᠤᠯ ᠤᠨ ᠪᠠᠷᠠᠭᠤᠨ ᠬᠡᠰᠡᠭ ᠦᠨ ᠮᠣᠩ᠋ᠭᠤᠯ ᠬᠤᠰᠢᠭᠤᠳ ᠬᠠᠷᠢ ᠶᠢᠨ ᠱᠠᠰᠢᠨ ᠢ ᠡᠰᠡᠷᠭᠦᠴᠡᠭᠰᠡᠨ ᠨᠢ
Creator ᠰᠤᠳᠤᠪᠢᠯᠢᠭ᠌
Keyword
Abstract ᠡᠨᠡᠬᠦ ᠦᠭᠦᠯᠡᠯ ᠳᠦ ᠂ 1900 ᠣᠨ ᠳᠤ ᠢ ᠾᠧ ᠲᠤᠸᠠᠨ ᠤ ᠬᠦᠳᠡᠯᠭᠡᠭᠡᠨ ᠦ ᠬᠤᠭᠤᠴᠠᠭᠠᠨ ᠳᠤ ᠦᠪᠦᠷ ᠮᠣᠩ᠋ᠭᠤᠯ ᠤᠨ ᠪᠠᠷᠠᠭᠤᠨ ᠬᠡᠰᠡᠭ ᠦᠨ ᠶᠡᠬᠡ ᠵᠤᠤ᠂ ᠤᠯᠠᠭᠠᠨᠴᠠᠪ ᠤᠨ ᠬᠤᠶᠠᠷ ᠴᠢᠭᠤᠯᠭᠠᠨ ᠤ ᠬᠤᠰᠢᠭᠤᠳ ᠵᠢᠴᠢ ᠠᠯᠠᠱᠠᠨ ᠬᠤᠰᠢᠭᠤᠨ ᠳᠤ ᠭᠠᠷᠤᠭᠰᠠᠨ ᠬᠠᠷᠢ ᠶᠢᠨ ᠱᠠᠰᠢᠨ ᠢ ᠡᠰᠡᠷᠭᠦᠴᠡᠭᠰᠡᠨ ᠬᠡᠷᠡᠭ ᠢ ᠦᠭᠦᠯᠡᠵᠡ᠃ ᠮᠣᠩ᠋ᠭᠤᠯ ᠬᠤᠰᠢᠭᠤᠨ ᠤ ᠲᠦᠰᠢᠮᠡᠯ ᠴᠡᠷᠢᠭ ᠪᠤᠯᠤᠨ ᠠᠷᠠᠳ ᠬᠠᠷᠢ ᠶᠢᠨ ᠱᠠᠰᠢᠨ ᠤ ᠰᠦᠮ᠎ᠡ ᠲᠤᠭᠠᠩ ᠢ ᠭᠠᠯᠳᠠᠨ᠂ ᠱᠠᠰᠢᠨ ᠳᠡᠯᠭᠡᠷᠡᠭᠦᠯᠦᠭᠴᠢᠳ ᠪᠡ ᠰᠢᠲᠦᠯᠭᠡᠲᠡᠨ ᠢᠷᠭᠡᠳ ᠢ ᠠᠯᠠᠵᠤ ᠬᠢᠲᠤᠭᠰᠠᠨ ᠶᠠᠪᠤᠳᠠᠯ ᠪᠤᠯ ᠢ ᠾᠧ ᠲᠤᠸᠠᠨ ᠤ ᠬᠦᠳᠡᠯᠭᠡᠭᠡᠨ ᠦ ᠰᠢᠭᠤᠳ ᠨᠦᠯᠦᠭᠡᠯᠡᠯ ᠳᠤᠤᠷ᠎ᠠ ᠡᠭᠦᠰᠦᠭᠰᠡᠨ ᠶᠤᠮ᠃ ᠭᠡᠪᠡᠴᠦ ᠲᠡᠭᠦᠨ ᠦ ᠦᠨᠳᠦᠰᠦ ᠰᠤᠷᠪᠤᠯᠵᠢ ᠪᠤᠯ ᠬᠠᠷᠢ ᠶᠢᠨ ᠱᠠᠰᠢᠨᠲᠠᠳ ᠠᠴᠠ ᠤᠷᠲᠤ ᠬᠤᠭᠤᠴᠠᠭᠠᠨ ᠤ ᠲᠤᠷᠰᠢᠲᠠ ᠮᠣᠩ᠋ᠭᠤᠯ ᠬᠤᠰᠢᠭᠤᠳ ᠤᠨ ᠪᠡᠯᠴᠢᠭᠡᠷ ᠨᠤᠲᠤᠭ ᠢ ᠡᠵᠡᠯᠡᠵᠦ᠂ ᠮᠣᠩ᠋ᠭᠤᠯᠴᠤᠳ ᠢ ᠬᠢᠬᠠᠨ ᠳᠠᠷᠤᠯᠠᠭᠰᠠᠨ ᠳᠤ ᠣᠷᠤᠰᠢᠬᠤ ᠠᠵᠠᠢ᠃ ᠡᠭᠦᠨᠴᠡ ᠭᠠᠳᠠᠨ᠎ᠠ᠂ ᠳᠤᠮᠳᠠᠳᠤ ᠭᠠᠳᠠᠭᠠᠳᠤ ᠶᠢᠨ ᠬᠠᠷᠢᠯᠴᠠᠭ᠎ᠠ ᠡᠪᠳᠡᠷᠡᠵᠦ᠂ ᠴᠢᠩ ᠤᠯᠤᠰ ᠤᠨ ᠬᠠᠭᠠᠨᠲᠤ ᠲᠦᠷᠦ ᠡᠴᠡ ᠭᠠᠳᠠᠭᠠᠳᠤ ᠤᠯᠤᠰ ᠤᠳ ᠲᠤ ᠳᠠᠢ᠌ᠨ ᠵᠠᠷᠯᠠᠭᠰᠠᠨ ᠨᠢ ᠮᠣᠩ᠋ᠭᠤᠯ ᠸᠠᠩ ᠭᠦᠩ ᠨᠠᠷ ᠵᠠᠯᠭᠠᠭᠠᠪᠠᠷ ᠴᠡᠷᠢᠭ ᠮᠤᠷᠢ ᠳᠠᠢ᠌ᠴᠢᠯᠠᠨ ᠬᠠᠷᠢ ᠶᠢᠨ ᠳᠠᠢ᠌ᠰᠤᠨ ᠯᠤᠭ᠎ᠠ ᠲᠤᠤᠯᠳᠤᠬᠤ ᠪᠠᠷ ᠪᠡᠯᠡᠳᠭᠡᠭ᠍ᠰᠡᠨ ᠪᠦᠭᠡᠳ ᠮᠣᠩ᠋ᠭᠤᠯ ᠭᠠᠵᠠᠷ ᠢᠷᠡᠵᠦ ᠱᠠᠰᠢᠨ ᠳᠡᠯᠭᠡᠷᠡᠭᠦᠯᠵᠦ ᠪᠠᠢ᠌ᠭᠰᠠᠨ ᠱᠠᠰᠢᠨ ᠳᠡᠯᠭᠡᠷᠡᠭᠦᠯᠦᠭᠴᠢᠳ ᠢ ᠴᠦ ᠳᠠ᠌ᠰᠤᠨ ᠡᠲᠡᠭᠡᠳ ᠢᠶᠡᠷ ᠦᠵᠡᠵᠦ᠂ ᠦᠯᠳᠡᠨ ᠬᠦᠭᠡᠭᠡᠬᠦ ᠪᠤᠶᠤ ᠠᠠᠵᠤ ᠠᠷᠢᠯᠭᠠᠬᠤ ᠪᠠᠷ ᠵᠤᠷᠢᠭᠰᠠᠨ ᠨᠢ ᠬᠡᠷᠡᠭ ᠶᠠᠪᠤᠳᠠᠯ ᠤᠨ ᠴᠢᠨᠠᠭᠰᠢᠲᠠ ᠬᠦᠭ᠍ᠵᠢᠬᠦ ᠳᠦ ᠬᠦᠴᠦ ᠨᠡᠮᠡᠭᠰᠡᠨ ᠪᠠᠢ᠌ᠵᠠᠢ᠃
Original Literature No Original Paper
出自 内蒙古大学学报 1998年 第3期

联系我们


内蒙古大学图书馆
呼和浩特市大学西路235号
中国·内蒙古
P: (0471) 4992561
E: huangfeilong@imu.edu.cn