Title |
《ᠮᠣᠩᠭᠤᠯ ᠤᠨ ᠨᠢᠭᠤᠴᠠ ᠲᠤᠪᠴᠢᠶᠠᠨ》 ᠳ᠋ᠡᠬᠢ ᠨᠢᠭᠡᠳᠦᠭᠡᠷ ᠪᠡᠶ ᠠ ᠳ᠋ᠤ ᠬᠠᠮᠢᠶᠠᠳᠠᠭᠤᠯᠬᠤ ᠰᠤᠯᠠ ᠦᠭᠡ ᠶᠢᠨ ᠲᠤᠬᠠᠢ ᠰᠢᠨᠵᠢᠯᠡᠬᠦ ᠨᠢ |
Creator |
ᠢᠯᠴᠢ; ᠬᠠᠰᠪᠠᠭᠠᠨ᠎ᠠ |
Keyword |
《 ᠮᠣᠩᠭᠤᠯ ᠤᠨ ᠨᠢᠭᠤᠴᠠ ᠲᠤᠪᠴᠢᠶᠠᠨ》; ᠨᠢᠭᠡᠳᠦᠭᠡᠷ ᠪᠡᠶ ᠠ; ᠬᠠᠮᠢᠶᠠᠳᠠᠭᠤᠯᠬᠤ ᠰᠤᠯᠠ ᠦᠭᠡ |
Abstract |
《 ᠮᠣᠩᠭᠤᠯ ᠤᠨ ᠨᠢᠭᠤᠴᠠ ᠲᠤᠪᠴᠢᠶᠠᠨ》 ᠳ᠋ᠤ ᠢᠯᠡᠷᠡᠭᠰᠡᠨ ᠨᠢᠭᠡᠳᠦᠭᠡᠷ ᠪᠡᠶ ᠠ ᠳ᠋ᠤ ᠬᠠᠮᠢᠶᠠᠳᠠᠭᠤᠯᠬᠤ ᠰᠤᠯᠠ ᠦᠭᠡ ᠨᠢ ᠲᠤᠭᠠᠨ ᠤ ᠵᠤᠬᠢᠴᠠᠯ ᠡᠴᠡ ᠪᠤᠯᠵᠤ ᠭᠠᠭᠴᠠ ᠲᠤᠭᠠᠲᠤ ᠰᠤᠯᠠ ᠦᠭᠡ ᠪᠤᠯᠤᠨ ᠤᠯᠠᠨ ᠲᠤᠭᠠᠲᠤ ᠰᠤᠯᠠ ᠦᠭᠡ ᠭᠡᠵᠦ ᠬᠤᠶᠠᠷ ᠲᠦᠷᠦᠯ ᠳ᠋ᠤ ᠬᠤᠪᠢᠶᠭᠳᠠᠳᠠᠳ ᠪᠦᠭᠡᠳ ᠭᠠᠭᠴᠠ ᠲᠤᠭᠠᠲᠤ ᠰᠤᠯᠠ ᠦᠭᠡ 《 ᠮᠢᠨᠦ》᠂ ᠤᠯᠠᠨ ᠲᠤᠭᠠᠲᠤ ᠰᠤᠯᠠ ᠦᠭᠡ《 ᠮᠠᠨᠤ》 《 ᠪᠡᠳᠡᠨᠦ》 ᠭᠡᠬᠦ ᠬᠤᠶᠠᠷ ᠬᠡᠯᠪᠡᠷᠢ ᠲᠠᠢ ᠪᠠᠢᠳᠠᠭ᠃ ᠨᠢᠭᠡᠳᠦᠭᠡᠷ ᠪᠡᠶ ᠠ ᠳ᠋ᠤ ᠬᠠᠮᠢᠶᠠᠳᠠᠭᠤᠯᠬᠤ ᠰᠣᠯᠠ ᠦᠭᠡ ᠨᠢ ᠢᠯᠡᠷᠡᠭᠰᠡᠨ ᠬᠡᠯᠪᠡᠷᠢ ᠶᠢᠨ ᠬᠤᠪᠢ ᠳ᠋ᠤ᠂ ᠬᠠᠷᠢᠶᠠᠯᠠᠬᠤ ᠶᠢᠨ ᠲᠠᠢᠨ ᠢᠯᠭᠠᠯᠲᠤ ᠪᠡᠶ ᠠ ᠶᠢᠨ ᠲᠦᠯᠦᠭᠡᠨ ᠤ ᠬᠡᠯᠪᠡᠷᠢ ᠲᠠᠢ ᠦᠨᠳᠦᠰᠦᠨ ᠳ᠋ᠤ ᠪᠠᠨ ᠠᠳᠠᠯᠢ ᠪᠠᠢᠵᠦ᠂ ᠭᠠᠭᠴᠠ ᠲᠤᠭ᠎ᠠ᠂ ᠤᠯᠠᠨ ᠲᠤᠭᠠᠨ ᠤ ᠤᠳᠬ ᠠ ᠪᠡᠷ ᠴᠦᠮ ᠬᠡᠷᠡᠭᠯᠡᠭᠳᠡᠵᠡᠢ᠃ ᠦᠢᠯᠡᠳᠦᠯ ᠬᠢᠭᠡᠳ ᠪᠠᠢᠷᠢ ᠶᠢᠨ ᠬᠢᠨᠢ ᠬᠤᠪᠢ ᠳ᠋ᠤ᠂ ᠪᠦᠷ ᠡᠮᠦᠨᠡᠬᠢ ᠦᠭᠡ ᠪᠠᠨ ᠬᠠᠮᠢᠶᠠᠳᠠᠭᠤᠯᠤᠨ ᠵᠢᠭᠠᠵᠤ᠂ ᠲᠤᠬᠠᠢ ᠶᠢᠨ ᠬᠦᠮᠦᠨ ᠶᠠᠭᠤᠮ ᠠ᠂ ᠬᠡᠷᠡᠭᠡ ᠶᠠᠪᠤᠳᠠᠯ ᠢ ᠦᠭᠦᠯᠡᠬᠴᠢ ᠡᠳᠡᠭᠡᠳ ᠲᠤ ᠬᠠᠷᠢᠶᠠᠯᠠᠭᠤᠯᠤᠨ ᠬᠠᠮᠢᠶᠠᠳᠠᠭᠤᠯᠬᠤ ᠤᠳᠬ ᠠ ᠪᠡᠷ ᠬᠡᠷᠡᠭᠯᠡᠵᠦ ᠪᠠᠢᠳᠠᠭ᠃ |
Original Literature |
View Original Paper
|
出自 |
中国蒙古学
2022年
第6期
|