Paper Information


Title 《 ᠪᠠᠭᠤᠮᠠᠯ》 ᠤᠨ ᠤᠳᠬ ᠠ ᠤᠴᠢᠷ ᠤᠨ ᠲᠤᠬᠠᠢ ᠶᠠᠷᠢᠯᠴᠠᠬᠤ ᠨᠢ
Creator ᠬᠠᠰᠤᠨᠲᠤᠶᠠᠭ᠎ᠠ; ᠮᠧᠩ ᠵᠢᠨ ᠪᠤᠤ
Keyword ᠪᠦᠭᠡ; ᠲᠡᠭᠡᠳᠦ ᠲᠡᠭᠷᠢ; ᠪᠠᠭᠤᠮᠠᠯ; ᠤᠳᠬ ᠠ ᠤᠴᠢᠷ
Abstract ᠬᠤᠷᠴᠢᠨ ᠪᠦᠭᠡ ᠶᠢᠨ ᠭᠡᠭᠡᠷ ᠠ ᠶᠢᠨ ᠪᠠᠢᠴᠠᠭᠠᠯᠲᠠ ᠶᠢᠨ ᠮᠠᠲ᠋ᠸᠷᠢᠶᠠᠯ ᠳ᠋ᠤ ᠲᠦᠰᠢᠵᠦ 《 ᠪᠠᠭᠤᠮᠠᠯ》 ᠤᠨ ᠤᠭ ᠤᠳᠬ ᠠ ᠤᠴᠢᠷ ᠤᠨ ᠲᠤᠬᠠᠢ ᠵᠠᠷᠢᠮᠳᠤᠭ ᠰᠡᠷᠬᠦᠯ ᠬᠢᠪᠠ᠃ ᠪᠠᠭᠤᠮᠠᠯ ᠪᠤᠯ ᠪᠦᠭᠡ ᠶᠢᠨ ᠱᠠᠰᠢᠨ ᠤ ᠲᠡᠭᠡᠳᠦ ᠲᠡᠭᠷᠢ ᠰᠢᠲᠦᠭᠡᠨ ᠤ ᠭᠠᠵᠠᠷ ᠶᠢᠷᠲᠢᠨᠴᠦ ᠳ᠋ᠤ ᠬᠢ ᠴᠢᠬᠤᠯᠠ ᠨᠢᠭᠡᠨ ᠢᠯᠡᠷᠡᠬᠦ ᠬᠡᠯᠪᠡᠷᠢ ᠪᠤᠯᠤᠨ᠎ᠠ᠃ᠪᠠᠭᠤᠮᠠᠯ ᠪᠤᠯ ᠲᠡᠭᠡᠲᠦ ᠲᠡᠭᠷᠢ ᠶᠢᠨ ᠤᠯᠠᠭᠠᠴᠢ 《 ᠬᠦᠯᠦᠭ》 ᠪᠦᠭᠡᠳ《 ᠪᠠᠢᠷᠢ》 ᠳ᠋ᠤ ᠰᠠᠭᠠᠳᠠᠳᠠᠭ ᠣᠩᠭᠤᠳ ᠤᠨ ᠲᠡᠭᠡᠳᠦ ᠰᠢᠲᠦᠭᠡᠨ ᠪᠤᠯᠤᠨ᠎ᠠ᠃ ᠪᠠᠭᠤᠮᠠᠯ ᠳ᠋ᠤ ᠰᠢᠳᠭᠡᠯ ᠬᠦᠯᠢᠶᠡᠵᠦ ᠶᠠᠯᠠᠳᠠᠭᠳᠠᠵᠤ ᠪᠠᠭᠤᠬᠤ᠂ ᠡᠭᠦᠷᠭᠡ ᠬᠦᠯᠢᠶᠠᠵᠤ ᠲᠤᠮᠢᠯᠠᠭᠳᠠᠵᠤ ᠪᠠᠭᠤᠬᠤ ᠮᠡᠲᠦ ᠬᠡᠯᠪᠡᠷᠢ ᠲᠠᠢ ᠪᠠᠢᠳᠠᠭ᠃ ᠪᠠᠭᠤᠮᠠᠯ ᠨᠢ 《 ᠵᠠᠬ ᠠ ᠦᠭᠡᠢ ᠤᠭᠲᠠᠷᠭᠤᠢ》᠂《 ᠤᠭᠤᠰᠤᠷ ᠪᠦᠰᠡ ᠦᠭᠡᠢ ᠣᠷᠴᠢᠯᠠᠩ》 ᠤᠨ ᠤᠯᠠᠨ ᠲᠡᠭᠲᠡᠷ ᠤᠨ ᠡᠯ ᠠ ᠲᠡᠭᠡᠳᠦ ᠲᠡᠭᠷᠢ 《 ᠪᠠᠢᠷᠢ》 ᠡᠴᠡ ᠭᠠᠵᠠᠷ ᠶᠢᠷᠲᠢᠨᠴᠦ ᠳ᠋ᠤ ᠬᠢ ᠪᠠᠭᠤᠭᠰᠠᠨ ᠪᠦᠭᠡᠳ ᠤᠯᠠᠨ ᠠᠢᠮᠠᠭ ᠲᠦᠷᠦᠯ ᠳ᠋ᠤ ᠬᠤᠪᠢᠶᠠᠭᠳᠠᠵᠤ ᠪᠤᠯᠳᠠᠭ ᠪᠠᠢᠨ᠎ᠠ᠃ ᠪᠠᠭᠤᠮᠠᠯ ᠳ᠋ᠤ ᠭᠠᠵᠠᠷ ᠶᠢᠷᠲᠢᠨᠴᠦ ᠲᠡᠭᠡᠷ ᠠ ᠲᠤᠭᠲᠠᠮᠠᠯ ᠰᠠᠭᠠᠲᠠᠬᠤ《 ᠪᠠᠢᠷᠢ》ᠲᠠᠢ ᠠᠪᠠᠢᠳᠠᠭ ᠪᠦᠭᠡᠳ ᠲᠠᠩᠭᠠᠷᠢᠭᠲᠤ ᠪᠦᠭᠡ ᠬᠦᠮᠦᠨ ᠤ ᠦᠶ ᠠ ᠦᠶ ᠠ ᠶᠢᠨ ᠬᠢ ᠨᠢ ᠲᠠᠬᠢᠯᠭ᠎ᠠ ᠶᠢᠨ ᠭᠤᠤᠯ ᠨᠢᠭᠡᠨ ᠰᠢᠳᠦᠭᠡᠨ ᠪᠤᠯᠵᠤ ᠬᠡᠪᠰᠢᠭᠰᠡᠨ ᠪᠠᠢᠵᠠᠢ᠃
Original Literature View Original Paper
出自 内蒙古大学学报 2019年 第5期

联系我们


内蒙古大学图书馆
呼和浩特市大学西路235号
中国·内蒙古
P: (0471) 4992561
E: huangfeilong@imu.edu.cn