Paper Information


Title 《 ᠪᠢᠩᠲᠤ ᠸᠠᠩ ᠭᠤᠨᠴᠤᠭᠰᠦ᠋ᠷᠦᠩ ᠤᠨ ᠰᠤᠯᠠ ᠱᠠᠰᠲᠢᠷ》 ᠤᠨ ᠲᠤᠭᠲᠠᠮ ᠰᠢᠨᠵᠢᠯᠡᠭᠡ
Creator ᠴᠤᠢᠷᠠᠯᠵᠠᠪ
Keyword ᠪᠢᠩᠲᠤ ᠸᠠᠩ ᠭᠣᠨᠴᠤᠭᠰᠦ᠋ᠷᠤᠩ; ᠰᠤᠯᠠ ᠱᠠᠰᠲᠢᠷ; ᠰᠤᠷᠯᠪᠤᠵᠢ ᠪᠢᠴᠢᠭ; ᠦᠨ᠎ᠠ ᠴᠡᠨ᠎ᠠ
Abstract 《 ᠪᠢᠩᠲᠤ ᠸᠠᠩ ᠭᠤᠴᠤᠭᠰᠦ᠋ᠷᠦᠩ ᠤᠨ ᠰᠤᠯᠠ ᠱᠠᠰᠲᠢᠷ》 ᠪᠤᠯ ᠤᠤᠯ ᠤᠨ ᠦᠪᠦᠷ ᠮᠣᠩᠭᠤᠯ ᠤᠨ ᠵᠢᠷᠢᠮ ᠤᠨ ᠴᠢᠭᠤᠯᠭᠠᠨ ᠤ ᠬᠤᠷᠴᠢᠨ ᠵᠡᠬᠦᠨ ᠭᠠᠷᠤᠨ ᠡᠮᠦᠨᠡᠲᠦ ᠬᠤᠰᠢᠭᠤᠨ ᠤ ᠵᠠᠰᠠᠭᠵᠢᠶᠦ᠋ᠨ ᠸᠠᠩ ᠭᠤᠨᠴᠤᠭ᠋᠋ᠰᠦ᠋ᠷᠦᠩ ᠤᠨ ᠲᠤᠬᠠᠢ 《 ᠴᠢᠩ ᠤᠯᠤᠰ ᠤᠨ ᠲᠡᠦᠭᠡ ᠶᠢᠨ ᠨᠤᠤᠷᠠᠭ》 ᠲᠤ ᠵᠤᠷᠢᠭᠤᠯᠤᠨ ᠪᠢᠴᠢᠭᠰᠡᠨ ᠬᠤᠪᠤᠷ ᠴᠤᠬᠭ ᠪᠠᠷᠢᠮᠲᠠ ᠪᠢᠴᠢᠭ ᠪᠤᠯᠤᠨ᠎ᠠ᠃ ᠡᠨᠡ ᠵᠤᠬᠢᠶᠠᠯ ᠪᠢᠴᠢᠭᠳᠡᠭᠰᠡᠨ ᠡᠴᠡ ᠢᠨᠠᠭᠰᠢ100-ᠭᠠᠳ ᠵᠢᠯ ᠪᠤᠯᠵᠤ ᠪᠠᠢᠭ᠎ᠠ ᠪᠤᠯᠪᠠᠴᠤ ᠰᠤᠲᠤᠯᠤᠭᠴᠢᠳ ᠲᠤ ᠶᠡᠷᠦ ᠡᠴᠡ ᠮᠡᠳᠡᠭᠳᠡᠭᠡ ᠦᠭᠡᠢ ᠪᠠᠢᠭᠰᠠᠭᠠᠷ᠃ ᠪᠢᠳᠡ ᠤᠯᠠᠨ ᠵᠦᠢᠯ ᠤᠨ ᠠᠷᠭ᠎ᠠ ᠵᠠᠮ ᠢᠢᠡᠷ ᠮᠦᠷᠲᠡᠨ ᠬᠠᠢᠵᠦ《 ᠪᠢᠩᠲᠤ ᠸᠠᠩ ᠭᠤᠨᠴᠤᠭ᠋ᠰᠦ᠋ᠷᠦᠩ ᠤᠨ ᠨᠢᠭᠡ ᠨᠠᠰᠤᠨ ᠤ ᠦᠢᠯᠡ ᠶᠠᠪᠤᠳᠠᠯ ᠢ ᠦᠨᠳᠦᠰᠦᠨ ᠳ᠋ᠤ ᠨᠢ ᠪᠠᠭᠲᠠᠭᠠᠵᠤ ᠤᠷᠤᠭᠤᠯᠪᠠ᠃ ᠲᠤᠰ《ᠰᠤᠯᠠ ᠱᠠᠰᠳᠢᠷ》 ᠡᠭᠡ ᠨᠤᠤᠷᠠᠭ ᠬᠡᠪ ᠢᠢᠡᠷ ᠬᠠᠳᠠᠭᠠᠯᠠᠭᠳᠠᠵᠤ ᠢᠷᠡᠭᠰᠡᠨ ᠤ ᠬᠤᠪᠢ ᠳ᠋ᠤ ᠮᠠᠰᠢ ᠶᠡᠬᠡ ᠰᠤᠷᠪᠤᠯᠵᠢ ᠪᠢᠴᠢᠭ ᠤᠨ ᠦᠨ᠎ ᠡ ᠴᠡᠨ᠎ᠠ ᠲᠠᠢ ᠪᠠᠢᠳᠠᠭ᠃ ᠢᠯᠠᠨᠭᠤᠶ ᠠ ᠪᠢᠩᠳᠤ ᠸᠠᠩ ᠭᠤᠨᠴᠤᠭᠰᠦ᠋᠋ᠷᠦᠩ ᠤᠨ ᠦᠢᠯᠡ ᠠᠮᠢᠳᠤᠷᠠᠯ ᠢ ᠰᠣᠳᠤᠯᠬᠤ ᠳ᠋ᠤ ᠰᠢᠨ᠎ᠠ ᠮᠠᠲ᠋ᠸᠷᠢᠶᠡᠯ ᠬᠠᠩᠭᠠᠬᠤ ᠶᠢᠨ ᠬᠠᠮᠲᠤ ᠲᠤᠬᠠᠢ ᠶᠢᠨ ᠨᠡᠢᠭᠡᠮ ᠤᠨ ᠲᠡᠦᠭᠡ ᠶᠢᠨ ᠪᠠᠢᠳᠠᠯ ᠢ ᠤᠢᠯᠠᠭᠠᠬᠤ ᠳ᠋ᠤ ᠮᠦᠨ ᠬᠢᠨᠡᠯᠲᠡ ᠶᠢᠨ ᠠᠴᠢ ᠬᠤᠯᠪᠤᠭᠲᠠᠯ ᠲᠠᠢ ᠶᠣᠮ᠃
Original Literature View Original Paper
出自 内蒙古大学学报 2019年 第5期

联系我们


内蒙古大学图书馆
呼和浩特市大学西路235号
中国·内蒙古
P: (0471) 4992561
E: huangfeilong@imu.edu.cn