Abstract |
ᠦᠭᠦᠯᠡᠬᠦᠨ ᠦᠢᠯᠡ ᠦᠭᠡ ᠶᠢᠨ ᠤᠨᠴᠠᠯᠢᠭ ᠢ ᠬᠡᠯᠪᠡᠷᠢᠵᠢᠬᠦᠯᠦᠨ᠂ ᠤᠳᠬ ᠠ ᠶᠢᠨ ᠮᠡᠳᠡᠯᠭᠡ ᠶᠢᠨ ᠬᠡᠮᠵᠢᠶ ᠠ ᠵᠢ ᠴᠣᠭᠴᠠᠯᠠᠬᠤ ᠨᠢ ᠦᠭᠦᠯᠡᠪᠦᠷᠢ ᠵᠢ ᠠᠦᠲ᠋ᠤ᠋ᠴᠢᠯᠠᠨ ᠵᠠᠳᠠᠯᠬᠤ ᠪᠠ ᠡᠭᠦᠰᠭᠡᠬᠦ ᠳ᠋ᠤ ᠴᠢᠬᠤᠯᠠ ᠰᠤᠷᠠᠭ ᠵᠠᠩᠬᠢ ᠵᠢ ᠬᠠᠩᠭᠠᠳᠠᠭ᠃ ᠦᠭᠦᠯᠡᠯ ᠳ᠋ᠤ ᠮᠣᠩᠭᠤᠯ ᠬᠡᠯᠡᠨ ᠤ ᠦᠭᠦᠯᠡᠬᠦᠨ ᠦᠢᠯᠡ ᠦᠭᠡ ᠶᠢᠨ ᠤᠳᠬ ᠠ ᠶᠢᠨ ᠮᠡᠳᠡᠯᠭᠡ ᠶᠢᠨ ᠬᠦᠮᠦᠷᠭᠡ ᠵᠢ ᠲᠦᠰᠦᠪᠯᠡᠬᠦ ᠳ᠋ᠤ ᠪᠠᠨ᠂ ᠦᠭᠦᠯᠡᠪᠦᠷᠢ ᠵᠠᠳᠠᠯᠬᠤ ᠪᠠ ᠡᠭᠦᠰᠭᠡᠬᠦ ᠵᠤᠷᠢᠯᠭ᠎ᠠ ᠡᠴᠡ ᠲᠤᠯᠤᠭᠠᠢ ᠦᠭᠡ ᠰᠤᠩᠭᠤᠨ᠂ ᠦᠭᠦᠯᠡᠬᠦᠨ ᠦᠢᠯᠡ ᠦᠭᠡ ᠶᠢᠨ ᠲᠤᠰᠠᠯᠠᠬᠤ ᠰᠢᠨᠵᠢ᠂ ᠲᠤᠰᠬᠠᠤ ᠪᠠ ᠡᠰᠡ ᠲᠤᠰᠬᠤ ᠰᠢᠨᠵᠢ ᠤᠢᠷᠠᠯᠴᠠᠭ᠎ᠠ ᠤᠳᠬ ᠠ ᠶᠢᠨ ᠠᠢᠮᠠᠭᠷᠠᠯ ᠵᠡᠷᠭᠡᠣᠨᠴᠠᠯᠢᠭ ᠤᠨ ᠲᠠᠰᠤᠯᠪᠤᠷᠢ ᠵᠢ ᠲᠤᠭᠲᠠᠭᠠᠵᠤ᠂ᠦᠭᠦᠯᠡᠪᠦᠷᠢ ᠶᠢᠨ ᠬᠡᠪ ᠤᠨ ᠵᠢᠱᠢᠶᠡᠨ ᠤ ᠬᠦᠮᠦᠷᠭᠡ ᠵᠢ ᠴᠣᠭᠴᠠᠯᠠᠬᠤ ᠵᠢ ᠵᠤᠷᠢᠪᠠ᠃ |