| Title |
ᠰᠦᠯᠹᠦᠩᠭᠠ ᠶᠢᠨ 《 ᠭᠡᠰᠡᠷ ᠤᠨ ᠲᠤᠭᠤᠵᠢ》 ᠳ᠋ᠡᠬᠢ ᠨᠤᠲᠤᠭ ᠤᠰᠤᠨ ᠤ ᠲᠤᠮᠤᠭ ᠶᠠᠷᠢᠶ ᠠ ᠶᠢᠨ ᠰᠢᠨᠵᠢᠯᠡᠯ |
| Creator |
ᠴᠠᠢᠯᠭᠠᠨ |
| Keyword |
ᠰᠦᠯᠹᠦᠩᠭᠠ; 《 ᠭᠡᠰᠡᠷ ᠤᠨ ᠲᠤᠭᠤᠵᠢ》ᠳ᠋ᠡᠬᠢ ᠦᠯᠢᠭᠡᠷ; ᠨᠤᠲᠤᠭ ᠤᠰᠤᠨ ᠤ ᠲᠤᠮᠤᠭ ᠶᠠᠷᠢᠶ ᠠ |
| Abstract |
ᠲᠦᠷᠦ ᠶᠢᠨ ᠭᠡᠰᠡᠷᠴᠢ ᠰᠦᠯᠹᠦᠩᠭᠠ ᠶᠢᠨᠬᠠᠢᠯᠠᠭᠰᠠᠨ 《 ᠭᠡᠰᠡᠷ ᠤᠨ ᠲᠤᠭᠤᠵᠢ》 ᠨᠢ ᠭᠤᠷᠪᠠᠬᠠᠨ ᠪᠦᠯᠦᠭ ᠲᠠᠢ ᠪᠤᠯᠪᠠᠴᠤ ᠪᠦᠯᠦᠭ ᠪᠦᠷᠢ ᠳ᠋ᠤ ᠨᠢ ᠪᠠᠭᠠᠷᠢᠨ ᠨᠤᠲᠤᠭ ᠤᠨ ᠪᠤᠳᠠᠳᠠᠢ ᠭᠠᠵᠠᠷ ᠤᠰᠤ᠂ ᠡᠪᠡᠰᠦ ᠤᠷᠭᠤᠮᠠᠯ ᠲᠠᠢ ᠬᠤᠯᠪᠤᠭᠳᠠᠭᠰᠠᠨ ᠲᠤᠮᠤᠭ ᠶᠠᠷᠢᠶ ᠠ ᠵᠢ ᠤᠷᠠᠨ ᠢᠢᠡᠷ ᠰᠡᠳᠬᠢᠮᠵᠢᠯᠡᠵᠦ᠂ ᠪᠦᠲᠦᠭᠡᠯᠴᠢ ᠪᠡᠷᠬᠠᠢᠯᠠᠭᠰᠠᠨ ᠡᠴᠡ ᠪᠤᠰᠤᠳ ᠲᠤᠭᠤᠵᠢ ᠡᠴᠡ ᠦᠪᠡᠷᠮᠢᠴᠡ ᠣᠨᠴᠠᠯᠢᠭ ᠲᠠᠢ ᠪᠤᠯᠵᠠᠢ᠃ ᠦᠭᠦᠯᠡᠯ ᠳ᠋ᠤ ᠲᠡᠬᠦᠨ ᠤ ᠬᠠᠢᠯᠠᠭᠰᠠᠨ 《 ᠭᠡᠰᠡᠷ ᠤᠨ ᠲᠤᠭᠤᠵᠢ》 ᠳ᠋ᠡᠬᠢ ᠦᠯᠢᠭᠡᠷ ᠢ ᠪᠠᠭᠠᠷᠢᠨ ᠨᠤᠲᠤᠭ ᠤᠰᠤᠨ ᠤ ᠲᠤᠮᠤᠭ ᠶᠠᠷᠢᠶ ᠠ ᠲᠠᠢ ᠬᠠᠷᠢᠴᠠᠭᠤᠯᠬᠤ ᠪᠡᠷ ᠲᠠᠮᠵᠢᠨ ᠲᠡᠭᠦᠨ ᠤ ᠦᠪᠡᠷᠮᠢᠴᠡᠣᠨᠴᠠᠯᠢᠭ ᠢ ᠵᠤᠷᠪᠤᠰᠯᠠᠨ ᠭᠠᠷᠭᠠᠵᠤ᠂ ᠲᠡᠷᠡ ᠨᠢ ᠪᠠᠭᠠᠷᠢᠨ ᠭᠡᠰᠡᠷ ᠤᠨ ᠲᠤᠭᠤᠵᠢ ᠳ᠋ᠤ ᠰᠢᠨ᠎ᠠ ᠬᠤᠪᠢᠯᠪᠤᠷᠢ ᠨᠡᠮᠡᠭᠰᠡᠨ ᠪᠠ ᠪᠠᠭᠠᠷᠢᠨ ᠨᠤᠲᠤᠭ ᠤᠰᠤᠨ ᠤ ᠲᠤᠮᠤᠭ ᠶᠠᠷᠢᠶ ᠠ ᠵᠢ ᠪᠠᠶᠠᠯᠢᠭᠵᠢᠭᠤᠯᠤᠭᠰᠠᠨ ᠭᠡᠵᠦ ᠦᠵᠡᠪᠡ᠃ |
| Original Literature |
View Original Paper
|
| 出自 |
蒙古学研究
2020年
第4期
|