Paper Information


Title ᠮᠣᠩᠭᠤᠯᠴᠤᠳ ᠤᠨ ᠭᠠᠯ ᠲᠦᠢᠮᠡᠷ ᠢ ᠰᠡᠷᠭᠡᠢᠢᠯᠡᠬᠦ ᠤᠬᠠᠮᠰᠠᠷ ᠤᠨ ᠲᠤᠬᠠᠢ ᠦᠭᠦᠯᠡᠬᠦ ᠨᠢ
Creator ᠠᠵᠠᠲᠠᠢ; ᠪᠤᠤ ᠰᠠᠷᠠᠨᠴᠢᠮᠡᠭ᠌
Keyword ᠮᠣᠩᠭᠤᠯᠴᠤᠳ ᠤᠨ ᠪᠠᠢᠭᠠᠯᠢ  ᠶᠢᠨ ᠲᠤᠬᠠᠢ ᠲᠠᠨᠢᠯᠲᠠ; ᠭᠠᠯ ᠲᠦᠢᠮᠡᠷ ᠢ ᠰᠡᠷᠭᠡᠢᠢᠯᠡᠬᠦ ᠴᠡᠭᠡᠷ ᠶᠤᠰᠤᠨ ᠪᠠ ᠬᠠᠤᠯᠢ ᠴᠠᠭᠠᠵᠠ; ᠰᠣᠶᠣᠯ ᠤᠨ ᠠᠭᠤᠯᠬᠤᠨ
Abstract ᠮᠣᠩᠭᠤᠯᠴᠳᠳ ᠢᠢᠡᠷ ᠠᠩᠾ ᠠ《 ᠬᠠᠶᠠ ᠰᠠᠢᠨ᠂ ᠬᠠᠶᠠ ᠮᠠᠭᠤ᠂ ᠡᠵᠡᠮᠳᠡᠭᠳᠡᠰᠢ ᠦᠭᠡᠢ》 ᠪᠠᠢᠭᠠᠯᠢ ᠶᠢᠨ ᠡᠷᠭᠡ ᠴᠣᠭᠴᠠ-ᠭᠠᠯ ᠢ ᠡᠵᠡᠳ ᠰᠠᠬᠢᠭᠤ ᠲᠠᠢ ᠭᠡᠵᠦ ᠰᠦᠰᠦᠭᠯᠡᠵᠦ᠂ ᠲᠡᠭᠦᠨ ᠤ ᠬᠠᠷᠭᠤᠭᠰᠠᠨ ᠪᠦᠬᠦᠨ ᠢ ᠬᠤᠬᠢᠮᠠᠢ ᠪᠤᠯᠭᠠᠨ ᠰᠢᠲᠠᠭᠠᠵᠤ᠂ 《 ᠭᠠᠯᠠᠪᠠ ᠵᠢ ᠶᠡᠭᠦᠷᠡᠬᠦᠯᠦᠨ》 ᠭᠠᠮᠰᠢᠭ ᠡᠭᠦᠰᠭᠡᠳᠡᠭ ᠲᠤ ᠨᠢ ᠠᠮᠢᠶᠠᠨ ᠬᠡᠯᠮᠡᠭᠳᠡᠵᠦ᠂ᠠᠯᠢ ᠡᠷᠲᠡ ᠡᠴᠡ 《 ᠭᠠᠯ ᠭᠠᠯᠠᠢᠬᠠᠨ》 ᠭᠡᠵᠦ ᠰᠢᠳᠦᠨ ᠲᠡᠯᠭᠡᠵᠢᠯᠡᠵᠦ᠂ ᠬᠠᠷᠭᠠᠠᠯᠵᠠᠭᠰᠠᠨ ᠲᠠᠬᠢᠯᠭ᠎ᠠ ᠲᠠᠪᠢᠯᠭ᠎ᠠ ᠶᠢᠨ ᠵᠠᠩ ᠦᠢᠯᠡ ᠪᠤᠯᠤᠨ ᠬᠠᠮᠢᠶ ᠠ ᠪᠦᠬᠦᠢ ᠴᠡᠭᠡᠷ ᠶᠤᠰᠤᠨ᠂ ᠬᠠᠤᠯᠢ ᠴᠠᠭᠠᠵᠠ ᠵᠡᠷᠭᠡ ᠵᠢ ᠲᠦᠷᠦᠭᠳᠡᠭᠦᠯᠦᠭᠰᠡᠨ ᠪᠢᠯᠡ᠃ ᠲᠤᠰ ᠦᠭᠦᠯᠡᠯ ᠳ᠋ᠤ ᠦᠢᠯᠭᠡᠷ ᠲᠤᠮᠤᠭ᠂ ᠰᠤᠷᠪᠤᠯᠵᠢ ᠪᠢᠴᠢᠭ᠂ ᠵᠠᠩ ᠦᠢᠯᠡ ᠪᠤᠯᠤᠨ ᠱᠠᠰᠢᠨ ᠰᠤᠷᠲᠠᠬᠤᠨ ᠵᠡᠷᠭᠡ ᠤᠭᠰᠠᠭᠠᠲᠠᠨ ᠤ ᠴᠠᠳᠢᠭ ᠤᠨ ᠮᠠᠲ᠋ᠸᠷᠢᠶᠠᠯ ᠳ᠋ᠤ ᠲᠦᠰᠢᠭᠯᠡᠨ᠂ ᠮᠣᠩᠭᠤᠯᠴᠤᠳ ᠤᠨ ᠭᠠᠷ ᠲᠤᠦᠢᠮᠡᠷ ᠢ ᠰᠡᠷᠭᠡᠢᠢᠯᠡᠬᠦ ᠳ᠋ᠤ ᠬᠤᠯᠪᠤᠭᠳᠠᠭᠰᠠᠨ ᠴᠡᠭᠡᠷ ᠶᠤᠰᠤᠨ ᠪᠤᠯᠤᠨ ᠬᠠᠤᠯᠢ ᠴᠠᠭᠠᠵᠠ ᠵᠢ ᠲᠤᠩᠭᠠᠨ ᠰᠢᠨᠵᠢᠯᠡᠬᠦ ᠶᠢᠨ ᠲᠠᠭᠤ᠂ᠲᠡᠭᠦᠨ ᠤ ᠬᠦᠨ ᠲᠡᠭᠳᠡᠷ ᠲᠤ ᠬᠢ ᠰᠣᠶᠣᠯ ᠤᠨ ᠠᠭᠤᠯᠬᠤᠨ ᠢ ᠲᠤᠳᠤᠷᠠᠭᠤᠯᠤᠨ ᠰᠢᠨᠵᠢᠯᠡᠪᠡ᠃
Original Literature View Original Paper
出自 内蒙古民族大学学报(社会科学) 2021年 第4期

联系我们


内蒙古大学图书馆
呼和浩特市大学西路235号
中国·内蒙古
P: (0471) 4992561
E: huangfeilong@imu.edu.cn