Paper Information


Title ᠲᠤᠳᠦ ᠦᠰᠦᠭ ᠤᠨ 《 ᠨᠤᠯᠤᠨ ᠲᠤᠢᠨ ᠤ ᠰᠣᠳᠤᠷ》 ᠤᠨ ᠲᠠᠷᠠᠳᠬᠠᠭᠴᠢ ᠰᠠᠢᠬᠠᠨᠵᠦ ᠬᠠᠲᠤᠨ ᠤ ᠲᠦᠪᠡᠳ ᠲᠦ ᠬᠢ ᠲᠡᠦᠭᠡᠨ ᠦᠢᠯ ᠠᠠᠵᠢᠯᠯᠠᠭ᠎ᠠ
Creator ᠠᠮᠢᠨ᠎ᠠ
Keyword ᠰᠠᠢᠬᠠᠨᠵᠤ ᠬᠠᠲᠤᠨ; ᠲᠡᠦᠭᠡᠨ ᠦᠢᠯᠠ ᠠᠵᠢᠯᠯᠠᠭ᠎ᠠ; ᠲᠦᠪᠡᠳ
Abstract ᠲᠤᠳᠤ ᠦᠰᠦᠭ ᠤᠨ 《 ᠮᠤᠯᠤᠨ ᠲᠤᠢᠨ ᠤ ᠰᠣᠳᠤᠷ》 ᠤᠨ ᠭᠠᠷᠭᠠᠯᠭ᠎ᠠ ᠡᠴᠡ ᠦᠵᠡᠬᠦ ᠳ᠋ᠤ ᠤᠭ ᠰᠣᠳᠤᠷ ᠤᠨ ᠲᠤᠷᠠᠳᠬᠠᠭᠴᠢ ᠪᠤᠯ ᠰᠠᠢᠬᠠᠨᠵᠤ ᠬᠠᠲᠤᠨ ᠮᠦᠨ᠃ ᠰᠠᠢᠬᠠᠨᠵᠤ ᠬᠠᠲᠤᠨ ᠤ ᠲᠤᠬᠠᠢ ᠡᠷᠳᠡᠮᠲᠡᠳ ᠪᠠᠷᠤᠭ ᠰᠣᠳᠤᠯᠤᠭ᠎ᠠ ᠦᠭᠡᠢ᠃ ᠲᠡᠦᠭᠡᠨ ᠰᠤᠷᠪᠤᠯᠵᠢ ᠪᠢᠴᠢᠭ ᠤᠳ ᠲᠤ ᠰᠠᠢᠬᠠᠨᠵᠤ ᠬᠠᠲᠤᠨ ᠤ ᠲᠤᠬᠠᠢ ᠲᠡᠮᠳᠡᠭᠯᠡᠯ ᠲᠤᠩ ᠴᠦᠭᠡᠨ ᠪᠦᠭᠡᠳ ᠤᠳᠤᠬᠠᠨ ᠳ᠋ᠤ ᠮᠡᠳᠡᠭᠳᠡᠭᠡᠳ ᠪᠠᠢᠭ᠎ᠠ ᠪᠡᠷ ᠵᠦᠪᠬᠡᠨ 《 ᠲᠠᠪᠤᠳᠤᠭᠠᠷ ᠲᠠᠯᠠᠢ ᠯᠠᠮᠠ ᠶᠢᠨ ᠨᠠᠮᠳᠠᠷ》 ᠬᠢᠭᠡᠳ 《ᠷᠠᠪᠵᠠᠮᠪᠠ ᠽᠠᠶ ᠠ ᠪᠠᠨᠳᠢᠳᠠ ᠶᠢᠨ ᠲᠤᠭᠤᠵᠢ  ᠰᠠᠷᠠᠨ ᠤ ᠭᠡᠷᠡᠯ ᠤᠷᠤᠰᠢᠪᠠᠢ》 ᠳ᠋ᠤ ᠲᠡᠮᠳᠡᠭᠯᠡᠭᠳᠡᠭᠰᠡᠨ ᠪᠠᠢᠨ᠎ᠠ᠃ᠲᠤᠰ ᠦᠭᠦᠯᠡᠯ ᠳ᠋ᠤ 《 ᠲᠠᠪᠤᠳᠤᠭᠠᠷ ᠲᠦᠷᠢ ᠶᠢᠨ ᠲᠠᠯᠠᠢ ᠯᠠᠮᠠ ᠶᠢᠨ ᠨᠠᠮᠲᠠᠷ》 ᠡᠴᠡ ᠰᠠᠢᠬᠠᠨᠵᠤ ᠬᠠᠲᠤᠨ ᠤ ᠲᠦᠪᠡᠳ ᠲᠤ ᠬᠢ ᠦᠢᠯᠡ ᠠᠵᠢᠯᠯᠠᠭᠠᠨ ᠤ ᠲᠤᠬᠠᠢ ᠲᠡᠮᠳᠡᠭᠯᠡᠯ ᠤᠳ ᠢ ᠪᠦᠷᠢᠳᠭᠡᠨ ᠰᠢᠬᠦᠵᠦ ᠡᠮᠬᠢᠯᠡᠭᠡᠳ᠂ ᠰᠠᠢᠬᠠᠨᠵᠤ ᠬᠠᠲᠤᠳ ᠲᠡᠷᠢᠬᠦᠲᠡᠢ ᠬᠦᠮᠦᠰ ᠬᠢᠭᠡᠳ ᠲᠠᠪᠤᠳᠤᠭᠠᠷ ᠲᠷᠢ ᠶᠢᠨ ᠲᠠᠯᠠᠢ ᠯᠠᠮᠠ ᠶᠢᠨ ᠠᠭᠤᠯᠵᠠᠯᠲᠠ᠂ ᠲᠠᠪᠤᠳᠤᠭᠠᠷ ᠲᠦᠷᠢ ᠶᠢᠨ ᠲᠠᠯᠠᠢ ᠯᠠᠮᠠ ᠰᠠᠢᠬᠠᠨᠵᠤ ᠬᠠᠲᠤᠨ ᠳ᠋ᠤ ᠨᠣᠮ ᠰᠣᠶᠤᠷᠬᠠᠭᠰᠠᠨ᠂ ᠰᠠᠢᠬᠠᠨᠵᠤ ᠬᠠᠲᠤᠨ ᠡᠷᠬᠦᠯ ᠪᠠᠷᠢᠴᠠ ᠡᠷᠭᠦᠭᠰᠡᠨ᠂ ᠠᠪᠢᠰᠢᠭ᠌ ᠬᠦᠷᠲᠡᠭᠰᠡᠨ ᠭᠡᠬᠦ ᠲᠦᠷᠪᠡᠨ ᠬᠡᠰᠡᠭ ᠲᠤ ᠬᠤᠪᠢᠶᠠᠵᠤ ᠦᠭᠦᠯᠡᠪᠡ᠃
Original Literature View Original Paper
出自 内蒙古民族大学学报(社会科学) 2021年 第3期

联系我们


内蒙古大学图书馆
呼和浩特市大学西路235号
中国·内蒙古
P: (0471) 4992561
E: huangfeilong@imu.edu.cn