Title |
ᠲᠠᠨᠽᠠᠨᠷᠵᠠᠢ ᠶᠢᠨ 《 ᠰᠡᠳᠬᠢᠯ ᠢ ᠠᠮᠠᠷᠠᠭᠠᠭᠴᠢ》 ᠬᠡᠮᠡᠬᠦ ᠰᠤᠷᠭᠠᠨ ᠰᠢᠯᠦᠭ ᠤᠨ ᠬᠦᠨ ᠤᠬᠠᠭᠠᠨ ᠤ ᠦᠵᠡᠯ ᠰᠠᠨᠠᠭ᠎ᠠ ᠵᠢ ᠲᠦᠬᠦᠮ ᠦᠭᠦᠯᠡᠬᠦ ᠨᠢ |
Creator |
ᠴᠡᠯᠮᠡᠭ;ᠵᠠᠯᠭ᠎ᠠ |
Keyword |
ᠲᠠᠨᠽᠠᠨᠷᠠᠪᠠᠵᠢ; 《 ᠰᠡᠳᠬᠢᠯ ᠢ ᠠᠮᠠᠷᠠᠭᠠᠭᠴᠢ》; ᠬᠦᠨ ᠤᠬᠠᠭᠠᠨ ᠤ ᠦᠵᠡᠯ ᠰᠠᠨᠠᠭ᠎ᠠ |
Abstract |
ᠲᠠᠨᠽᠠᠨᠷᠠᠪᠠᠵᠠᠢ ᠴᠢᠩ ᠤᠤᠯᠰ ᠤᠨ ᠰᠡᠭᠦᠯᠴᠢ ᠦᠶ ᠠ ᠶᠢᠨ ᠨᠡᠢᠭᠡᠮ ᠲᠡᠦᠭᠡ ᠶᠢᠨ ᠪᠠᠢᠳᠠᠯ ᠳ᠋ᠤ ᠴᠢᠭᠯᠡᠬᠦᠯᠦᠨ ᠤᠯᠠᠨ ᠠᠷᠪᠢᠨ ᠰᠤᠷᠭᠠᠯ ᠰᠢᠯᠦᠭ ᠪᠢᠴᠢᠭᠰᠡᠨ ᠶᠣᠮ᠃ ᠲᠤᠰ ᠦᠭᠦᠯᠡᠯ ᠳ᠋ᠤ ᠰᠤᠷᠭᠠᠨ ᠰᠢᠯᠦᠭ ᠤᠨ ᠲᠦᠯᠦᠭᠡᠯᠡᠭᠴᠢ ᠪᠦᠲᠦᠭᠡᠯ ᠤᠨ ᠨᠢᠭᠡ ᠪᠤᠯᠬᠤ 《ᠰᠡᠳᠬᠢᠯ ᠢ ᠠᠮᠠᠷᠠᠭᠠᠭᠴᠢ 》 ᠳ᠋ᠤ ᠢᠯᠡᠷᠡᠵᠦ ᠪᠠᠢᠭ᠎ᠠ 《 ᠡᠷᠳᠡᠮ》 《 ᠡᠪ》 《ᠦᠨᠡᠨ》 ᠤ ᠲᠤᠬᠠᠢ ᠦᠵᠡᠯᠲᠠ ᠪᠠ ᠪᠤᠷᠤᠭᠵᠢᠭᠤᠨ ᠬᠤᠪᠢᠰᠤᠩᠭᠤᠢ ᠠᠷᠭ᠎ᠠ ᠶᠢᠨ ᠦᠵᠡᠯᠲᠡ ᠵᠢ ᠵᠠᠳᠠᠯᠵᠤ᠂ ᠠᠭᠤᠯᠤᠭᠳᠠᠵᠤ ᠪᠠᠢᠭ᠎ᠠ ᠬᠦᠨ ᠤᠬᠠᠭᠠᠨ ᠤ ᠦᠵᠡᠯ ᠰᠠᠨᠠᠭ᠎ᠠ ᠪᠠ ᠲᠡᠭᠦᠨ ᠤ ᠦᠵᠡᠯ ᠰᠠᠨᠠᠭᠠᠨ ᠤ ᠶᠡᠷᠦᠩᠬᠡᠢ ᠲᠤᠢᠮᠤ ᠪᠠᠢᠳᠠᠯ ᠢ ᠨᠢ ᠬᠤᠷᠢᠶᠠᠩᠭᠤᠢᠯᠠᠨ ᠦᠭᠦᠯᠡᠪᠡ᠃ ᠲᠤᠰ ᠰᠤᠷᠭᠠᠨ ᠰᠢᠯᠦᠭ ᠲᠤ ᠪᠠᠨ ᠲᠠᠨᠽᠠᠨᠷᠠᠪᠵᠠᠢ ᠶᠢᠨ ᠲᠤᠬᠠᠢ ᠶᠢᠨ ᠦᠶ ᠠ ᠶᠢᠨ ᠨᠡᠢᠭᠡᠮ ᠤᠨ ᠬᠠᠷᠠᠩᠭᠤᠢ ᠪᠠᠢᠳᠠᠯ ᠢ ᠢᠯᠡᠴᠢᠯᠡᠨ ᠰᠢᠬᠦᠮᠵᠢᠯᠡᠵᠦ᠂ ᠬᠦᠮᠦᠰ ᠢ ᠤᠬᠠᠭᠠᠷᠠᠭᠤᠯᠤᠨ ᠰᠡᠭᠡᠭᠡᠷᠡᠬᠦᠯᠬᠦ ᠪᠡᠷ ᠵᠤᠷᠢᠭᠰᠠᠨ ᠪᠤᠯᠬᠤᠷ ᠮᠣᠩᠭᠤᠯ ᠤᠨ ᠨᠡᠢᠭᠡᠮ ᠤᠨ ᠦᠵᠡᠯ ᠰᠠᠨᠠᠭᠠᠨ ᠤ ᠬᠦᠭᠵᠢᠯᠲᠡ ᠶᠢᠨ ᠲᠡᠦᠭᠡᠨ ᠳ᠋ᠤ ᠵᠤᠬᠢᠬᠤ ᠬᠡᠮᠵᠢᠶᠠᠨ ᠤ ᠢᠳᠡᠪᠬᠢ ᠨᠦᠯᠦᠭᠡ ᠦᠵᠡᠬᠦᠯᠦᠭᠰᠡᠨ ᠶᠣᠮ᠃ |
Original Literature |
View Original Paper
|
出自 |
内蒙古民族大学学报(社会科学)
2021年
第1期
|