Paper Information


Title ᠡᠸᠦ᠋ᠷᠦᠫᠡ ᠡᠮᠨ᠋ᠡᠯᠭᠡ ᠶᠢᠨ ᠣᠨ᠋ᠣᠯ ᠳᠠᠬᠢ 《ᠠᠭ᠋ᠤᠰᠬᠢᠨ ᠤ ᠰᠦᠷᠢᠶ᠎ᠡ》 ᠬᠢᠭᠡᠳ ᠮᠣᠩᠭᠤᠯ ᠡᠮᠨ᠋ᠡᠯᠭᠡ ᠶᠢᠨ ᠣᠨ᠋ᠣᠯ ᠳᠠᠬᠢ ᠠᠭ᠋ᠤᠰᠬᠢᠨ ᠤ 《ᠰᠦᠷᠢᠶ᠎ᠡ》 ᠶᠢ ᠬᠠᠷᠢᠴᠠᠭ᠋ᠤᠯᠤᠨ ᠰᠢᠨᠵᠢᠯᠡᠬᠦ ᠨᠢ
Creator ᠯᠢ ᠶᠢᠩ ᠭᠧ
Keyword ᠠᠭ᠋ᠤᠰᠬᠢᠨ ᠤ ᠰᠦᠷᠢᠶ᠎ᠡ; ᠡᠸᠦ᠋ᠷᠦᠫᠡ ᠡᠮᠨ᠋ᠡᠯᠭᠡ ᠶᠢᠨ ᠣᠨ᠋ᠣᠰᠢ; ᠠᠭ᠋ᠤᠰᠬᠢᠨ ᠤ ᠰᠦᠷᠢᠶ᠎ᠡ; ᠮᠣᠩᠭᠤᠯ ᠡᠮᠨ᠋ᠡᠯᠭᠡ ᠶᠢᠨ ᠣᠨ᠋ᠣᠰᠢ; ᠣᠨ᠋ᠣᠯ ᠰᠢᠨᠵᠢᠯᠡᠯ
Abstract ᠡᠸᠦ᠋ᠷᠦᠫᠡ ᠡᠮᠨ᠋ᠡᠯᠭᠡ ᠶᠢᠨ ᠣᠨ᠋ᠣᠯ ᠳᠠᠬᠢ 《ᠠᠭ᠋ᠤᠰᠬᠢᠨ ᠤ ᠰᠦᠷᠢᠶ᠎ᠡ》 ᠨᠢ ᠮᠣᠩᠭᠤᠯ ᠡᠮᠨ᠋ᠡᠯᠭᠡ ᠶᠢᠨ ᠣᠨ᠋ᠣᠯ ᠳᠠᠬᠢ ᠠᠭ᠋ᠤᠰᠬᠢᠨ ᠤ 《ᠰᠦᠷᠢᠶ᠎ᠡ》 ᠯᠦᠭᠡ ᠪᠦᠷᠢᠮᠦᠰᠦᠨ ᠠᠳᠠᠯᠢ ᠶᠠᠭ᠋ᠤᠮ᠎ᠠ ᠪᠢᠰᠢ᠃ ᠲᠡᠭᠦᠨ ᠢ ᠮᠣᠩᠭᠤᠯ ᠡᠮᠨ᠋ᠡᠯᠭᠡ ᠶᠢᠨ ᠣᠨ᠋ᠣᠯ ᠳᠠᠬᠢ ᠠ᠋ᠭᠤᠰᠬᠢᠨ ᠤ ᠠᠯᠢ ᠨᠢᠭᠡ ᠡᠪᠡᠳᠴᠢᠨ ᠲᠡᠢ ᠬᠠᠷᠢᠴᠠᠭ᠋ᠤᠯᠵᠤ ᠦᠵᠡᠬᠦ ᠳᠦ ᠪᠦᠷ ᠶᠠᠪ ᠴᠠᠪ ᠲᠤᠬᠢᠷᠠᠯᠴᠠᠬᠤ ᠦᠭᠡᠢ᠃ ᠭᠡᠪᠡᠴᠦ 《ᠠᠭ᠋ᠤᠰᠬᠢᠨ ᠤ ᠦᠭᠡᠳᠡᠢ》᠂ 《ᠠᠭ᠋ᠤᠰᠬᠢᠨ ᠤ ᠪᠤᠯᠠᠩᠭᠢᠷᠲᠤᠭᠰᠠᠨ ᠬᠠᠯᠠᠭ᠋ᠤᠨ》᠂ 《ᠠᠭ᠋ᠤᠰᠬᠢᠨ ᠤ ᠬᠠᠳᠬᠤᠯᠠᠭ᠎ᠠ》᠂ 《ᠠᠭ᠋ᠤᠰᠬᠢᠨ ᠬᠠᠯᠠᠭ᠋ᠤᠨ》 ᠵᠡᠷᠭᠡ ᠡᠪᠡᠳᠴᠢᠨ ᠦ ᠬᠦᠭᠵᠢᠯᠲᠡ ᠶᠢᠨ ᠠᠳᠠᠯᠢ ᠪᠤᠰᠤ ᠱᠠᠲᠤᠨ ᠳᠤᠨ᠋ᠢ 《ᠠᠭ᠋ᠤᠰᠬᠢᠨ ᠤ ᠰᠦᠷᠢᠶ᠎ᠡ》 ᠯᠦᠭᠡ ᠠᠳᠠᠯᠢᠪᠲᠤᠷ ᠰᠢᠨᠵᠢ ᠢᠯᠡᠷᠡᠵᠦ ᠪᠤᠯᠳᠠᠭ ᠤᠴᠢᠷ ᠠᠴᠠ ᠳᠡᠭᠡᠷᠡᠬᠢ ᠡᠪᠡᠳᠴᠢᠨ ᠦ ᠠᠳᠠᠯᠢ ᠪᠤᠰᠤ ᠱᠠᠲᠤ ᠦᠶ᠎ᠡ ᠲᠡᠢ ᠨᠢ ᠤᠶᠠᠯᠳᠤᠭ᠋ᠤᠯᠤᠨ ᠬᠤᠪᠢᠰᠤᠩᠭ᠋ᠤᠢ ᠪᠠᠷ ᠰᠢᠨᠵᠢᠯᠡᠨ ᠵᠠᠰᠠᠵᠤ ᠪᠤᠯᠤᠨ᠎ᠠ᠃ ᠮᠣᠩᠭᠤᠯ ᠡᠮᠨ᠋ᠡᠯᠭᠡ ᠶᠢᠨ ᠣᠨ᠋ᠣᠯ ᠳᠠᠬᠢ ᠠᠭ᠋ᠤᠰᠬᠢᠨ ᠤ 《ᠰᠦᠷᠢᠶ᠎ᠡ》 ᠡᠪᠡᠳᠴᠢᠨ ᠨᠢ ᠡᠸᠦ᠋ᠷᠦᠫᠡ ᠡᠮᠨ᠋ᠯᠭᠡ ᠶᠢᠨ ᠣᠨ᠋ᠣᠯ ᠳᠠᠬᠢ 《ᠰᠤᠭ᠋ᠤ ᠶᠢᠨ ᠲᠦᠷᠭᠡᠨ ᠴᠢᠨ᠋ᠠᠷᠲᠠᠢ ᠯᠢᠮᠪᠠ ᠪᠤᠯᠴᠢᠷᠬᠠᠢ ᠶᠢᠨ ᠦᠷᠪᠢᠰᠦᠯ》᠂ 《ᠬᠦᠬᠦᠨ ᠦ ᠲᠦᠷᠭᠡᠨ ᠴᠢᠨ᠋ᠠᠷᠲᠠᠢ ᠦᠷᠪᠢᠰᠦᠯ》᠂ 《ᠬᠦᠬᠦᠨ ᠰᠦᠷᠢᠶ᠎ᠡ》᠂ 《ᠴᠡᠭᠡᠵᠢᠨ ᠬᠠᠨ᠎ᠠ ᠶᠢᠨ ᠰᠦᠷᠢᠶ᠎ᠡ》 ᠵᠡᠷᠭᠡ ᠡᠪᠡᠳᠴᠢᠨ ᠦ ᠠᠳᠠᠯᠢ ᠪᠤᠰᠤ ᠶᠢᠨ ᠱᠠᠲᠤᠨ ᠤ ᠰᠢᠨᠵᠢ ᠲᠡᠮᠳᠡᠭ ᠯᠦᠭᠡ ᠠᠳᠠᠯᠢᠪᠲᠤᠷ ᠰᠢᠨᠵᠢ ᠢᠯᠡᠷᠡᠳᠡᠭ ᠲᠤᠯᠠ ᠬᠠᠷᠢᠯᠴᠠᠨ ᠤᠶᠠᠯᠳᠤᠭ᠋ᠤᠯᠤᠨ ᠰᠢᠨᠵᠢᠯᠡᠵᠦ ᠪᠤᠯᠤᠨ᠎ᠠ᠃
Original Literature No Original Paper
出自 内蒙古民族大学学报(自然科学) 2001年 第2期

联系我们


内蒙古大学图书馆
呼和浩特市大学西路235号
中国·内蒙古
P: (0471) 4992561
E: huangfeilong@imu.edu.cn