Title |
ᠡᠸᠦ᠋ᠷᠦᠫᠡ ᠡᠮᠨ᠋ᠡᠯᠭᠡ ᠶᠢᠨ ᠣᠨ᠋ᠣᠯ ᠳᠠᠬᠢ 《ᠠᠭ᠋ᠤᠰᠬᠢᠨ ᠤ ᠰᠦᠷᠢᠶ᠎ᠡ》 ᠬᠢᠭᠡᠳ ᠮᠣᠩᠭᠤᠯ ᠡᠮᠨ᠋ᠡᠯᠭᠡ ᠶᠢᠨ ᠣᠨ᠋ᠣᠯ ᠳᠠᠬᠢ ᠠᠭ᠋ᠤᠰᠬᠢᠨ ᠤ 《ᠰᠦᠷᠢᠶ᠎ᠡ》 ᠶᠢ ᠬᠠᠷᠢᠴᠠᠭ᠋ᠤᠯᠤᠨ ᠰᠢᠨᠵᠢᠯᠡᠬᠦ ᠨᠢ |
Creator |
ᠯᠢ ᠶᠢᠩ ᠭᠧ |
Keyword |
ᠠᠭ᠋ᠤᠰᠬᠢᠨ ᠤ ᠰᠦᠷᠢᠶ᠎ᠡ; ᠡᠸᠦ᠋ᠷᠦᠫᠡ ᠡᠮᠨ᠋ᠡᠯᠭᠡ ᠶᠢᠨ ᠣᠨ᠋ᠣᠰᠢ; ᠠᠭ᠋ᠤᠰᠬᠢᠨ ᠤ ᠰᠦᠷᠢᠶ᠎ᠡ; ᠮᠣᠩᠭᠤᠯ ᠡᠮᠨ᠋ᠡᠯᠭᠡ ᠶᠢᠨ ᠣᠨ᠋ᠣᠰᠢ; ᠣᠨ᠋ᠣᠯ ᠰᠢᠨᠵᠢᠯᠡᠯ |
Abstract |
ᠡᠸᠦ᠋ᠷᠦᠫᠡ ᠡᠮᠨ᠋ᠡᠯᠭᠡ ᠶᠢᠨ ᠣᠨ᠋ᠣᠯ ᠳᠠᠬᠢ 《ᠠᠭ᠋ᠤᠰᠬᠢᠨ ᠤ ᠰᠦᠷᠢᠶ᠎ᠡ》 ᠨᠢ ᠮᠣᠩᠭᠤᠯ ᠡᠮᠨ᠋ᠡᠯᠭᠡ ᠶᠢᠨ ᠣᠨ᠋ᠣᠯ ᠳᠠᠬᠢ ᠠᠭ᠋ᠤᠰᠬᠢᠨ ᠤ 《ᠰᠦᠷᠢᠶ᠎ᠡ》 ᠯᠦᠭᠡ ᠪᠦᠷᠢᠮᠦᠰᠦᠨ ᠠᠳᠠᠯᠢ ᠶᠠᠭ᠋ᠤᠮᠠ ᠪᠢᠰᠢ᠃ ᠲᠡᠭᠦᠨ ᠢ ᠮᠣᠩᠭᠤᠯ ᠡᠮᠨ᠋ᠡᠯᠭᠡ ᠶᠢᠨ ᠣᠨ᠋ᠣᠯ ᠳᠠᠬᠢ ᠠ᠋ᠭᠤᠰᠬᠢᠨ ᠤ ᠠᠯᠢ ᠨᠢᠭᠡ ᠡᠪᠡᠳᠴᠢᠨ ᠲᠡᠢ ᠬᠠᠷᠢᠴᠠᠭ᠋ᠤᠯᠵᠤ ᠦᠵᠡᠬᠦ ᠳᠦ ᠪᠦᠷ ᠶᠠᠪ ᠴᠠᠪ ᠲᠤᠬᠢᠷᠠᠯᠴᠠᠬᠤ ᠦᠭᠡᠢ᠃ ᠭᠡᠪᠡᠴᠦ 《ᠠᠭ᠋ᠤᠰᠬᠢᠨ ᠤ ᠦᠭᠡᠳᠡᠢ》᠂ 《ᠠᠭ᠋ᠤᠰᠬᠢᠨ ᠤ ᠪᠤᠯᠠᠩᠭᠢᠷᠲᠤᠭᠰᠠᠨ ᠬᠠᠯᠠᠭ᠋ᠤᠨ》᠂ 《ᠠᠭ᠋ᠤᠰᠬᠢᠨ ᠤ ᠬᠠᠳᠬᠤᠯᠠᠭ᠎ᠠ》᠂ 《ᠠᠭ᠋ᠤᠰᠬᠢᠨ ᠬᠠᠯᠠᠭ᠋ᠤᠨ》 ᠵᠡᠷᠭᠡ ᠡᠪᠡᠳᠴᠢᠨ ᠦ ᠬᠦᠭᠵᠢᠯᠲᠡ ᠶᠢᠨ ᠠᠳᠠᠯᠢ ᠪᠤᠰᠤ ᠱᠠᠲᠤᠨ ᠳᠤᠨ᠋ᠢ 《ᠠᠭ᠋ᠤᠰᠬᠢᠨ ᠤ ᠰᠦᠷᠢᠶ᠎ᠡ》 ᠯᠦᠭᠡ ᠠᠳᠠᠯᠢᠪᠲᠤᠷ ᠰᠢᠨᠵᠢ ᠢᠯᠡᠷᠡᠵᠦ ᠪᠤᠯᠳᠠᠭ ᠤᠴᠢᠷ ᠠᠴᠠ ᠳᠡᠭᠡᠷᠡᠬᠢ ᠡᠪᠡᠳᠴᠢᠨ ᠦ ᠠᠳᠠᠯᠢ ᠪᠤᠰᠤ ᠱᠠᠲᠤ ᠦᠶ᠎ᠡ ᠲᠡᠢ ᠨᠢ ᠤᠶᠠᠯᠳᠤᠭ᠋ᠤᠯᠤᠨ ᠬᠤᠪᠢᠰᠤᠩᠭ᠋ᠤᠢ ᠪᠠᠷ ᠰᠢᠨᠵᠢᠯᠡᠨ ᠵᠠᠰᠠᠵᠤ ᠪᠤᠯᠤᠨ᠎ᠠ᠃ ᠮᠣᠩᠭᠤᠯ ᠡᠮᠨ᠋ᠡᠯᠭᠡ ᠶᠢᠨ ᠣᠨ᠋ᠣᠯ ᠳᠠᠬᠢ ᠠᠭ᠋ᠤᠰᠬᠢᠨ ᠤ 《ᠰᠦᠷᠢᠶ᠎ᠡ》 ᠡᠪᠡᠳᠴᠢᠨ ᠨᠢ ᠡᠸᠦ᠋ᠷᠦᠫᠡ ᠡᠮᠨ᠋ᠯᠭᠡ ᠶᠢᠨ ᠣᠨ᠋ᠣᠯ ᠳᠠᠬᠢ 《ᠰᠤᠭ᠋ᠤ ᠶᠢᠨ ᠲᠦᠷᠭᠡᠨ ᠴᠢᠨ᠋ᠠᠷᠲᠠᠢ ᠯᠢᠮᠪᠠ ᠪᠤᠯᠴᠢᠷᠬᠠᠢ ᠶᠢᠨ ᠦᠷᠪᠢᠰᠦᠯ》᠂ 《ᠬᠦᠬᠦᠨ ᠦ ᠲᠦᠷᠭᠡᠨ ᠴᠢᠨ᠋ᠠᠷᠲᠠᠢ ᠦᠷᠪᠢᠰᠦᠯ》᠂ 《ᠬᠦᠬᠦᠨ ᠰᠦᠷᠢᠶ᠎ᠡ》᠂ 《ᠴᠡᠭᠡᠵᠢᠨ ᠬᠠᠨ᠎ᠠ ᠶᠢᠨ ᠰᠦᠷᠢᠶ᠎ᠡ》 ᠵᠡᠷᠭᠡ ᠡᠪᠡᠳᠴᠢᠨ ᠦ ᠠᠳᠠᠯᠢ ᠪᠤᠰᠤ ᠶᠢᠨ ᠱᠠᠲᠤᠨ ᠤ ᠰᠢᠨᠵᠢ ᠲᠡᠮᠳᠡᠭ ᠯᠦᠭᠡ ᠠᠳᠠᠯᠢᠪᠲᠤᠷ ᠰᠢᠨᠵᠢ ᠢᠯᠡᠷᠡᠳᠡᠭ ᠲᠤᠯᠠ ᠬᠠᠷᠢᠯᠴᠠᠨ ᠤᠶᠠᠯᠳᠤᠭ᠋ᠤᠯᠤᠨ ᠰᠢᠨᠵᠢᠯᠡᠵᠦ ᠪᠤᠯᠤᠨ᠎ᠠ᠃ |
Original Literature |
No Original Paper
|
出自 |
内蒙古民族大学学报(自然科学)
2001年
第2期
|