Abstract |
ᠲᠤᠰ ᠦᠭᠦᠯᠡᠯ ᠳ᠋ᠤ ᠠ᠂ᠲᠠᠢᠪᠠᠢ ᠲᠤᠳᠤᠴᠢᠯᠠᠵᠤ 1964ᠣᠨ ᠳ᠋ᠤ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ ᠠ ᠡᠴᠡ ᠬᠡᠪᠯᠡᠭᠰᠡᠨ ᠲᠤᠳᠤ ᠮᠣᠩᠭᠤᠯ ᠦᠰᠦᠭ ᠤᠨ 13 ᠪᠦᠯᠦᠭ 《 ᠵᠠᠩᠭᠠᠷ》 ᠤᠨ ᠲᠤᠳᠤᠴᠯᠠᠯᠲᠠ ᠵᠢ ᠤᠢᠭᠤᠷᠵᠢᠨ ᠮᠣᠩᠭᠤᠯ ᠦᠰᠦᠭ ᠤᠨ 13 ᠪᠦᠯᠦᠭᠲᠦ 《 ᠵᠠᠩᠭᠠᠷ》 ᠢᠢᠡᠷ ᠭᠤᠤᠯ ᠪᠤᠯᠭᠠᠨ᠂ 《 ᠤᠪᠤᠯᠠᠢ ᠶᠢᠨ 《ᠵᠠᠩᠭᠠᠷ》 ᠠᠷᠪᠠᠨ ᠪᠦᠯᠦᠭ》 ᠨᠣᠮ ᠲᠠᠢ ᠬᠠᠷᠭᠤᠭᠤᠯᠠᠨ ᠬᠠᠷᠢᠴᠠᠭᠤᠯᠵᠤ᠂ ᠬᠡᠪᠯᠡᠯ᠂ ᠵᠠᠯᠠᠷᠠᠭᠤᠯᠤᠯᠲᠠ᠂ ᠨᠡᠮᠡᠯᠲᠡ᠂ ᠬᠠᠰᠤᠯᠲᠠ᠂ ᠦᠭᠡᠷᠡᠴᠢᠯᠠᠨ ᠪᠠᠭᠤᠯᠭᠠᠯᠲᠠ᠂ ᠲᠠᠢᠯᠪᠤᠷᠢ᠂ ᠴᠡᠭ ᠲᠡᠮᠳᠡᠭ ᠵᠡᠷᠭᠡ ᠵᠢᠷᠤᠭᠤᠭᠠᠨ ᠲᠠᠯ ᠠ ᠪᠡᠷ ᠲᠤᠯᠭᠠᠨ ᠬᠠᠷᠭᠤᠭᠤᠯᠬᠤ ᠪᠡᠷ ᠲᠠᠮᠵᠢᠭᠤᠯᠤᠨ᠂ ᠠ᠊᠂ ᠲᠠᠢᠪᠠᠢ ᠶᠢᠨ ᠲᠤᠳᠤᠴᠢᠯᠠᠭᠰᠠᠨ《 ᠵᠠᠩᠭᠠᠷ》 ᠨᠢ ᠤᠢᠭᠤᠷᠵᠢᠨ ᠮᠣᠩᠭᠤᠯ ᠦᠰᠦᠭ ᠤᠨ 13 ᠪᠦᠯᠦᠭᠲᠦ 《 ᠵᠠᠩᠭᠠᠷ》 ᠤᠨ ᠪᠤᠷᠤᠭᠤ ᠵᠢ ᠵᠠᠯᠠᠷᠠᠭᠤᠯᠤᠭᠰᠠᠨ ᠤ ᠬᠠᠮᠲᠤ ᠵᠠᠷᠢᠮ ᠨᠡᠮᠡᠯᠲᠡ ᠬᠠᠰᠤᠯᠲ ᠠᠬᠢᠭᠰᠡᠨ 《ᠵᠠᠩᠭᠠᠷ》 ᠤᠨᠬᠡᠪᠯᠡᠯ ᠪᠤᠯᠬᠤ ᠵᠢ ᠨᠤᠲᠠᠯᠠᠪᠠ᠃ |