Paper Information


Title ᠮᠣᠩ᠋ᠭᠤᠯ ᠨᠤᠮ ᠤᠨ ᠬᠦᠮᠦᠷᠭᠡ ᠶᠢ ᠲᠡᠭᠦᠯᠳᠡᠷᠵᠢᠭᠦᠯᠬᠦ ᠲᠤᠬᠠᠢ ᠮᠦᠴᠢᠳ ᠦᠭᠦᠯᠡᠬᠦ ᠨᠢ
Creator ᠬᠠᠰ
Keyword ᠨᠤᠮ ᠤᠨ ᠬᠦᠮᠦᠷᠭᠡ; ᠪᠦᠲᠦᠬᠡᠨ ᠪᠠᠢ᠌ᠭᠤᠯᠤᠯᠲᠠ; ᠦᠢᠯᠡᠴᠢᠯᠡᠭᠡ
Abstract ᠲᠤᠰ ᠦᠭᠦᠯᠡᠯ ᠦᠨ ᠨᠢᠭᠡᠳᠦᠭᠡᠷ ᠬᠡᠰᠡᠭ ᠲᠦ ᠮᠠᠨ ᠤ ᠨᠤᠮ ᠤ ᠰᠠᠩ ᠤᠨ ᠣᠷᠴᠢᠮ ᠤᠨ ᠵᠢᠯ ᠦᠨ ᠣᠷᠤᠭᠤᠯᠤᠭᠰᠠᠨ ᠮᠣᠩ᠋ᠭᠤᠯ ᠨᠤᠮ ᠪᠢᠴᠢᠭ᠌ ᠲᠦ ᠲᠤᠭ᠎ᠠ ᠬᠡᠮᠵᠢᠶ᠎ᠡ ᠪᠡ ᠲᠦᠷᠦᠯ ᠵᠤᠢ᠌ᠯ ᠤᠨ ᠲᠠᠯ᠎ᠠ ᠪᠠᠷ ᠵᠠᠳᠠᠯᠤᠯᠲᠠ ᠬᠢᠵᠦ᠂ ᠡᠨᠡ ᠨᠢ ᠪᠠᠭᠰᠢ ᠰᠤᠷᠤᠭᠴᠢᠳ ᠤᠨ ᠰᠤᠷᠤᠯᠭ᠎ᠠ ᠰᠤᠳᠤᠯᠭ᠎ᠠ ᠳᠤᠨᠢ ᠬᠢᠷᠢ ᠵᠡᠷᠭᠡ ᠦᠢᠯᠡᠳᠦᠯ ᠲᠡᠢ ᠪᠠᠢ᠌ᠬᠤ᠂ ᠢᠯᠠᠩ᠋ᠭᠤᠶ᠎ᠠ ᠪᠠᠢ᠌ᠭᠠᠯᠢ ᠶᠢᠨ ᠰᠢᠨᠵᠢᠯᠡᠬᠦ ᠤᠬᠠᠭᠠᠨ ᠤ ᠰᠤᠷᠴᠤ ᠰᠤᠳᠤᠯᠵᠤ ᠪᠠᠢ᠌ᠭ᠎ᠠ ᠪᠠᠭᠰᠢ ᠰᠤᠷᠤᠭᠴᠢᠳ ᠤᠨ ᠮᠣᠩ᠋ᠭᠤᠯ ᠨᠤᠮ ᠪᠢᠴᠢᠭ᠌ ᠢ ᠠᠰᠢᠭᠯᠠᠵᠤ ᠪᠠᠢ᠌ᠭ᠎ᠠ ᠪᠤᠳᠠᠲᠤ ᠪᠠᠢ᠌ᠳᠠᠯ ᠢ ᠦᠨᠡᠨ ᠮᠦᠨ ᠢᠶᠡᠷ ᠨᠢ ᠳᠡᠯᠭᠡᠭ᠍ᠰᠡᠨ ᠪᠠᠢ᠌ᠨ᠎ᠠ᠃ ᠬᠤᠶᠠᠳᠤᠭᠠᠷ ᠬᠡᠰᠡᠭ ᠲᠦ᠂ ᠪᠡᠯᠡ ᠮᠦᠩᠭᠦ ᠶᠢᠨ ᠠᠰᠠᠭᠤᠳᠠᠯ᠂ ᠬᠤᠳᠠᠯᠳᠤᠨ ᠠᠪᠤᠭᠰᠠᠨ ᠨᠤᠮ ᠤᠨ ᠬᠡᠷᠡᠭᠯᠡᠯᠲᠡ ᠶᠢᠨ ᠪᠠᠢ᠌ᠳᠠᠯ᠂ ᠰᠤᠷᠭᠠᠭᠤᠯᠢ ᠶᠢᠨ ᠨᠤᠮ ᠤᠨ ᠰᠠᠩ ᠪᠠ ᠡᠯ᠎ᠡ ᠮᠠᠲ᠋ᠧᠷᠢᠶᠠᠯ ᠤᠨ ᠲᠠᠰᠤᠭ ᠤᠨ ᠠᠵᠢᠯ ᠤᠨ ᠬᠠᠷᠢᠴᠠᠭ᠎ᠠ᠂ ᠨᠤᠮ ᠤᠨ ᠰᠠᠩ ᠤᠨ ᠣᠷᠤᠭᠤᠯᠤᠭᠰᠠᠨ ᠨᠤᠮ ᠤᠨ ᠬᠤᠪᠢᠶᠠᠷᠢᠯᠠᠯ ᠵᠡᠷᠭᠡ ᠲᠠᠯ᠎ᠠ ᠪᠠᠷ ᠣᠷᠤᠰᠢᠵᠤ ᠪᠠᠢ᠌ᠭ᠎ᠠ ᠠᠰᠠᠭᠤᠳᠠᠯ ᠨᠢ ᠨᠤᠮ ᠤᠨ ᠰᠠᠩ ᠤᠨ ᠦᠢᠯᠡᠴᠢᠯᠡᠭᠡᠨ ᠳᠦ ᠬᠢᠷᠢ ᠵᠡᠷᠭᠡ ᠨᠦᠯᠦᠭᠡ ᠲᠡᠢ ᠪᠤᠯᠬᠤ ᠶᠢ ᠵᠠᠳᠠᠯᠤᠭᠰᠠᠨ ᠪᠠᠢ᠌ᠨ᠎ᠠ᠃ ᠭᠤᠷᠪᠠᠳᠤᠭᠠᠷ ᠬᠡᠰᠡᠭ ᠲᠦ᠂ ᠰᠠᠭᠤᠷᠢ ᠰᠤᠷᠭᠠᠨ ᠬᠦᠮᠦᠵᠢᠯ ᠦᠨ ᠲᠠᠯ᠎ᠠ ᠪᠠᠷ ᠬᠢ ᠨᠤᠮ ᠣᠷᠤᠭᠤᠯᠬᠤ ᠶᠢ ᠢᠯᠡᠭᠦᠦ ᠪᠤᠳᠤᠯᠬᠢᠯᠠᠭᠰᠠᠨ ᠰᠠᠭᠤᠷᠢᠨ ᠳᠡᠭᠡᠷ᠎ᠡ ᠰᠤᠳᠤᠯᠭᠠᠨ ᠳᠤ ᠴᠢᠬᠤᠯᠠᠲᠠᠢ ᠨᠤᠮ ᠢ ᠴᠤ ᠵᠤᠬᠢᠬᠤ ᠬᠡᠮᠵᠢᠶ᠎ᠡ ᠪᠡᠷ ᠣᠷᠤᠭᠤᠯᠬᠤ ᠶᠢ ᠮᠣᠩ᠋ᠭᠤᠯ ᠨᠤᠮ ᠤᠨ ᠬᠦᠮᠦᠷᠭᠡ ᠶᠢᠨ ᠡᠩ ᠲᠡᠷᠢᠭᠦᠨ ᠳᠦ ᠰᠢᠢᠳᠪᠦᠷᠢᠯᠡᠬᠦ ᠵᠤᠢ᠌ᠯ ᠪᠤᠯᠭᠠᠵᠤ᠂ ᠨᠤᠮ ᠣᠷᠤᠭᠤᠯᠬᠤ ᠲᠠᠯ᠎ᠠ ᠪᠠᠷ ᠣᠯᠠᠨ ᠵᠤᠢ᠌ᠯ ᠤᠨ ᠠᠷᠭ᠎ᠠ ᠬᠡᠮᠵᠢᠶ᠎ᠡ ᠪᠠᠢ᠌ᠬᠤ ᠴᠢᠬᠤᠯᠠᠲᠠᠢ ᠭᠡᠵᠦ ᠦᠵᠡᠯᠲᠡ ᠪᠡᠨ ᠳᠤᠷᠠᠳᠪᠠ᠃
Original Literature No Original Paper
出自 内蒙古师范大学学报 1999年 第4期

联系我们


内蒙古大学图书馆
呼和浩特市大学西路235号
中国·内蒙古
P: (0471) 4992561
E: huangfeilong@imu.edu.cn