Title |
ᠤᠷᠤᠨ ᠨᠤᠲᠤᠭ ᠤᠨ ᠪᠦᠲᠦᠭᠦᠯᠢᠭ ᠦᠭᠡ ᠬᠢᠭᠡᠳ ᠤᠳᠬ ᠠ ᠵᠤᠬᠢᠶᠠᠯ ᠳ᠋ᠡᠬᠢ ᠤᠷᠠᠨ ᠲᠦᠷᠢ |
Creator |
ᠲᠤ᠂ ᠲᠡᠮᠦᠷᠪᠠᠭᠠᠨ᠎ᠠ |
Keyword |
ᠤᠷᠤᠨ ᠨᠤᠲᠤᠭ ᠤᠨ ᠪᠦᠳᠦᠭᠦᠯᠢᠭ ᠦᠭᠡ; ᠤᠳᠬ ᠠ ᠵᠤᠬᠢᠶᠠᠯ ᠳ᠋ᠡᠬᠢ ᠬᠡᠯᠡ ᠬᠢᠭᠡᠳ ᠲᠦᠷᠢ; ᠲᠤᠲ᠋ᠸᠮ ᠰᠢᠲᠦᠯᠭᠡ; 《 ᠰᠢᠭᠡᠰᠦᠲᠡᠢ ᠡᠷ ᠠ》 ᠶᠢᠨ ᠤᠷᠠᠨ ᠲᠦᠷᠢ |
Abstract |
ᠤᠷᠤᠨ ᠨᠤᠲᠤᠭ ᠤᠨ ᠪᠦᠳᠦᠭᠦᠯᠢᠭ ᠦᠭᠡ ᠪᠤᠯ ᠢᠷᠭᠡᠳ ᠵᠠᠭᠤᠷ ᠠ ᠶᠢᠨ ᠡᠭᠡᠯ ᠶᠡᠷᠦᠮᠳᠡᠭ ᠪᠦᠭᠡᠳ ᠬᠡᠷᠡᠭᠯᠡᠭᠳᠡᠬᠦ ᠬᠡᠪᠴᠢᠶ ᠠ ᠪᠡᠷ ᠢᠪᠴᠤᠤ ᠪᠠᠢᠳᠠᠭ ᠡᠭᠡᠯ ᠰᠣᠶᠣᠯ ᠤᠨ ᠬᠦᠷᠢᠶᠡᠨ ᠳ᠋ᠤ ᠬᠠᠮᠤᠷᠤᠭᠳᠠᠬᠤ ᠠᠮᠠᠨ ᠶᠠᠷᠢᠶᠠᠴᠢᠯᠠᠭᠰᠠᠨ ᠦᠭᠡ ᠬᠡᠯᠡᠯᠭᠡ ᠮᠦᠨ ᠪᠤᠯᠪᠠᠠᠤ᠂ ᠡᠭᠡᠯ ᠶᠡᠷᠦᠮᠳᠡᠭ ᠪᠦᠭᠡᠲᠠᠯ ᠠ ᠤᠷᠤᠨ ᠨᠤᠲᠤᠭ ᠤᠨ ᠰᠢᠨᠵᠢ ᠪᠡᠷ ᠲᠤᠪᠤᠢᠮ ᠠ᠂ ᠤᠢᠯᠠᠭᠠᠬᠤ ᠳ᠋ᠤ ᠲᠦᠭᠦᠮ ᠮᠦᠷᠲᠡᠭᠡᠨ ᠠᠮᠢᠳᠤ ᠲᠦᠷᠰᠦᠯᠢᠭ᠂ ᠱᠤᠭ ᠶᠦᠮᠦᠷᠯᠢᠭ᠂ ᠠᠭᠤᠯᠤᠮᠵᠢ ᠶᠡᠬᠡᠲᠡᠢ ᠦᠭᠡ ᠬᠡᠯᠡᠨ ᠤ ᠨᠡᠢᠭᠡᠮ ᠤᠨ ᠦᠵᠡᠭᠳᠡᠯ ᠪᠤᠯᠤᠨ᠎ᠠ᠃ ᠦᠭᠦᠯᠡᠯ ᠳ᠋ᠤ ᠡᠭᠡᠯ ᠰᠣᠶᠣᠯ ᠳ᠋ᠡᠬᠢ ᠲᠤ᠋ᠲ᠋ᠸᠮ ᠰᠢᠲᠦᠯᠭᠡ ᠶᠢᠨ ᠬᠠᠷᠠᠭᠠᠨ ᠡᠴᠡ ᠬᠤᠷᠴᠢᠨ ᠤ ᠲᠤᠭᠤᠵᠢᠰ ᠲᠡᠬᠢ 《 ᠰᠢᠭᠡᠰᠦᠲᠡᠢ ᠡᠷ ᠠ》 ᠶᠢᠨ ᠲᠦᠷᠢ ᠭᠡᠬᠦ ᠲᠤᠰᠬᠠᠢ ᠨᠡᠷᠡᠢᠳᠦᠯ ᠤᠨ ᠲᠤᠭᠤᠷᠢᠨ ᠳ᠋ᠤ ᠰᠢᠨᠵᠢᠯᠡᠵᠦ᠂ ᠤᠷᠤᠨ ᠨᠤᠲᠤᠭ ᠤᠨ ᠪᠦᠲᠦᠭᠦᠯᠢᠭ ᠦᠭᠡ ᠶᠢᠨ ᠤᠳᠬ ᠠ ᠵᠤᠬᠢᠶᠠᠯ ᠳ᠋ᠡᠬᠢ ᠢᠳᠡᠪᠬᠢ ᠦᠢᠯᠡᠳᠦᠯ ᠢ ᠵᠠᠳᠠᠯᠤᠨ ᠦᠭᠦᠯᠡᠵᠡᠢ᠃ |
Original Literature |
View Original Paper
|
出自 |
内蒙古社会科学(蒙文版)
2022年
第2期
|