Abstract |
ᠲᠦᠮᠡᠳ ᠭᠦᠦᠰᠢ ᠯᠤᠪᠰᠠᠩᠼᠸᠮᠫᠢᠯ(1761-1835) ᠪᠤᠯ ᠵᠤᠰᠤᠲᠤ ᠶᠢᠨ ᠴᠢᠭᠤᠯᠭᠠᠨ ᠤ ᠲᠦᠮᠡᠳ ᠪᠠᠷᠠᠭᠤᠨ ᠭᠠᠷ ᠤᠨ ᠬᠤᠰᠢᠭᠤᠨ ᠤ ᠬᠦᠮᠦᠨ᠂ ᠪᠤᠳ᠋ᠳ᠋ᠾᠠ ᠶᠢᠨ ᠭᠦᠨ ᠤᠬᠠᠭᠠᠨᠳᠠᠨ᠂ ᠲᠡᠦᠭᠡᠴᠢ ᠪᠦᠭᠡᠳ ᠢᠷᠠᠭ ᠨᠠᠢᠷᠠᠭᠴᠢ ᠪᠤᠯᠤᠨ᠎ᠠ᠃ ᠦᠭᠦᠯᠡᠯ ᠳ᠋ᠤ ᠲᠦᠮᠡᠳ ᠬᠦᠦᠰᠢ ᠯᠤᠪᠰᠠᠩᠼᠸᠮᠫᠢᠯ ᠤᠨᠲᠦᠪᠡᠳ ᠬᠡᠯᠡ ᠪᠡᠷ ᠲᠤᠭᠤᠷᠪᠢᠭᠰᠠᠨ 《 ᠦᠯᠡᠮᠵᠢ ᠭᠡᠳᠦᠯᠭᠡᠭᠴᠢ ᠪᠠᠭᠰᠢ ᠠᠶᠤᠯᠭᠠᠭᠴᠢ ᠸᠢᠴᠢᠷ ᠪᠤᠷᠬᠠᠨ ᠢ ᠲᠤᠯᠤᠭᠠᠨ ᠲᠠᠢᠨ ᠠᠷᠢᠯᠤᠭᠰᠠᠨ ᠬᠢᠭᠡᠳ ᠦᠢᠯᠡᠳᠬᠦᠶ ᠠ ᠪᠡᠷᠭᠡ ᠪᠤᠰᠤᠳ ᠤᠷᠤᠨ᠎ᠠ ᠪᠠᠢᠬᠤ ᠬᠤᠤᠰ ᠲᠡᠭᠦᠯᠳᠡᠷ ᠴᠢᠮᠡᠭ ᠤᠨ ᠡᠭᠦᠳᠡᠨ ᠡᠴᠡ ᠮᠠᠭᠲᠠᠭᠰᠠᠨ ᠲᠡᠷᠢᠬᠦᠲᠡᠨ ᠵᠠᠷᠢᠮ ᠨᠢᠭᠡᠨ ᠤᠷᠤᠰᠢᠪᠠᠢ》 ᠳ᠋ᠤ ᠪᠠᠭᠲᠠᠨ ᠤᠷᠤᠭᠰᠠᠨ ᠵᠤᠬᠢᠲᠤ ᠠᠶᠠᠯᠭᠤᠨ ᠤ ᠦᠯᠢᠭᠡᠷ ᠦᠭᠦᠯᠡᠬᠦᠢ ᠶᠢᠨ ᠠᠷᠪᠠᠨ ᠶᠢᠰᠤᠨ ᠵᠤᠬᠢᠶᠠᠯ ᠢ ᠤᠷᠴᠢᠭᠤᠯᠤᠨ ᠰᠣᠳᠤᠯᠵᠤ᠂ ᠤᠷᠠᠯᠢᠭ ᠤᠨ ᠤᠨᠠᠯᠢᠭ᠂ ᠠᠭᠤᠯᠭ᠎ᠠ ᠰᠡᠳᠦᠪᠯᠡᠬᠦᠨ᠂ ᠭᠤᠤ ᠠ ᠰᠠᠢᠬᠠᠨ ᠤ ᠦᠵᠡᠯᠲᠡ ᠭᠡᠬᠦ ᠭᠤᠷᠪᠠᠨ ᠲᠠᠯ ᠠ ᠡᠴᠡ ᠰᠢᠨᠵᠢᠯᠡᠵᠡᠢ᠃ |