Paper Information


Title 19-20ᠳ᠋ᠤᠭᠠᠷ ᠵᠠᠭᠤᠨ ᠤ ᠦᠶ ᠠ ᠶᠢᠨ ᠦᠷᠦᠨᠡᠳᠡᠬᠢᠨ ᠤ ᠵᠢᠭᠤᠯᠴᠢᠳ ᠤᠨ ᠦᠪᠦᠷ ᠮᠣᠩᠭᠤᠯ ᠤᠨ ᠵᠠᠷᠢᠮ ᠬᠡᠰᠡᠭ ᠤᠷᠤᠨ ᠤ ᠪᠠᠢᠭᠠᠯᠢ ᠤᠷᠴᠢᠨ ᠤ ᠬᠤᠪᠢᠷᠠᠯᠲᠠ ᠶᠢᠨ ᠲᠤᠬᠠᠢ ᠦᠭᠦᠯᠡᠯᠲᠡ ᠵᠢ ᠵᠠᠳᠠᠯᠬᠤ ᠨᠢ
Creator ᠯᠢ ᠰᠢᠶᠤᠤ ᠪᠢᠶᠤᠤ; ᠰᠢᠶᠸ ᠴᠸᠩ ᠵᠢᠢ
Keyword ᠮᠣᠨᠭᠤᠯ ᠤᠷᠤᠨ; ᠵᠢᠭᠤᠯᠴᠢᠯᠠᠯ ᠤᠨ ᠲᠡᠮᠳᠡᠭᠯᠡᠯ; ᠪᠠᠢᠭᠠᠯᠢ ᠤᠷᠤᠨ ᠤ ᠬᠤᠪᠢᠷᠠᠯᠲᠠ
Abstract ᠤᠢᠷ ᠠ ᠦᠶ ᠠ ᠳ᠋ᠤ ᠬᠦᠷᠴᠦ ᠢᠷᠡᠭᠡᠳ᠂ ᠨᠡᠯᠢᠶᠠᠳ ᠭᠡᠳᠦᠨ ᠦᠷᠦᠨᠡᠳᠡᠬᠢᠨᠨ ᠤ ᠵᠢᠭᠤᠯᠴᠢᠳ ᠠᠽᠢᠶ ᠠ ᠡᠸᠥ᠋ᠷᠦᠫᠡ ᠶᠢᠨ ᠲᠤᠳᠤᠭᠠᠲᠤ ᠬᠠᠭᠤᠷᠠᠢ ᠶᠢᠨ ᠲᠠᠯ ᠠ ᠨᠤᠲᠤᠭ ᠤᠨ ᠲᠤᠷᠭᠠᠨ ᠵᠠᠮ ᠢᠢᠡᠷ ᠲᠠᠮᠵᠢᠨ ᠦᠪᠦᠷ ᠮᠣᠩᠭᠤᠯ ᠤᠷᠤᠨ ᠳ᠋ᠤ ᠵᠢᠭᠤᠯᠴᠢᠯᠠᠨ ᠢᠷᠡᠵᠦ᠂ ᠠᠵᠤ ᠠᠮᠢᠳᠤᠷᠠᠯ ᠤᠨ ᠪᠠᠢᠳᠠᠯ᠂ ᠰᠣᠶᠣᠯ ᠢᠷᠭᠡᠨᠰᠢᠯ ᠵᠡᠷᠭᠡ ᠠᠭᠤᠯᠭ᠎ᠠ ᠶᠢᠨ ᠲᠤᠬᠠᠢ ᠲᠡᠮᠳᠡᠭᠯᠡᠨ ᠦᠯᠡᠳᠡᠭᠡᠭᠰᠡᠨ ᠪᠠᠢᠳᠠᠭ᠃ ᠲᠡᠳᠡ ᠨᠠᠷ ᠤᠨ ᠵᠢᠭᠤᠯᠴᠢᠯᠠᠯ ᠤᠨ ᠲᠡᠮᠳᠡᠭᠯᠡᠯ ᠡᠴᠡ ᠲᠤᠬᠠᠢ ᠶᠢᠨ ᠦᠶ ᠠ ᠶᠢᠨ ᠪᠡᠯᠴᠢᠭᠡᠷ ᠨᠤᠲᠤᠭ᠂ ᠤᠢ ᠮᠤᠲᠤ᠂ ᠭᠡᠭᠡᠷ ᠠ ᠶᠢᠨ ᠠᠮᠢᠲᠠᠨ᠂ ᠠᠭᠤᠷᠬᠠᠢ ᠵᠡᠷᠭᠡ ᠪᠠᠢᠭᠠᠯᠢ ᠶᠢᠨ ᠡᠬᠢ ᠪᠠᠶᠠᠯᠢᠭ ᠢ ᠲᠠᠬᠢᠷᠠᠮᠵᠢᠲᠠᠢ ᠠᠰᠢᠭᠯᠠᠨ ᠬᠡᠷᠡᠭᠯᠡᠭᠰᠡᠨ ᠪᠠᠢᠳᠠᠯ ᠢ ᠤᠢᠯᠠᠭᠠᠵᠤ᠂ ᠡᠭᠦᠨ ᠡᠴᠡ ᠪᠤᠯᠤᠭᠰᠠᠨ ᠡᠬᠢ ᠪᠠᠶᠠᠯᠢᠭ ᠤᠨ ᠬᠤᠭᠤᠰᠤᠷᠠᠯ ᠭᠠᠷᠬᠤ᠂ ᠦᠶᠡᠷ ᠤᠰᠠᠳᠤᠯ ᠭᠠᠩ ᠬᠠᠭᠰᠠᠷᠭᠠᠨ ᠤ ᠭᠠᠮᠰᠢᠭ ᠤᠯᠳᠠᠬᠤ᠂ ᠤᠷᠭᠤᠮᠠᠯ ᠬᠤᠴᠢᠯᠭ᠎ᠠ ᠮᠠᠭᠤᠲᠠᠬᠤ᠂ ᠡᠯᠡᠰᠦᠷᠭᠡᠭᠵᠢᠵᠦ ᠲᠠᠴᠢᠷᠰᠢᠬᠤ ᠭᠡᠬᠦ ᠮᠡᠲᠦ ᠶᠢᠨ ᠤᠯᠠᠨ ᠵᠦᠢᠯ ᠤᠨᠪᠠᠢᠭᠠᠯᠢ ᠶᠢᠨ ᠭᠠᠢ ᠭᠠᠮᠰᠢᠭ ᠤᠯᠠᠮ ᠬᠡᠴᠡᠬᠦᠳᠡᠵᠦ ᠮᠡᠳᠡᠬᠦ ᠤᠴᠢᠷ ᠡᠴᠡ ᠡᠷᠲᠡ ᠦᠶ ᠠ ᠡᠴᠡ ᠠᠮᠢ ᠠᠬᠤᠢ ᠶᠢᠨ ᠲᠡᠩᠴᠡᠭᠦᠷᠢ ᠵᠢ ᠬᠠᠮᠠᠭᠠᠯᠠᠬᠤ ᠤᠬᠠᠮᠰᠠᠷ ᠢ ᠬᠦᠮᠦᠵᠢᠬᠦᠯᠵᠦ ᠪᠤᠢᠵᠢᠭᠤᠯᠬᠤ ᠴᠢᠬᠤᠯᠠᠲᠠᠢ ᠭᠡᠬᠦ ᠲᠤᠷᠠᠳᠤᠯᠭ᠎ᠠ ᠵᠢ ᠤᠯᠵᠤ ᠮᠡᠳᠡᠵᠦ ᠪᠤᠯᠤᠨ᠎ᠠ᠃
Original Literature View Original Paper
出自 内蒙古社会科学(蒙文版) 2022年 第1期

联系我们


内蒙古大学图书馆
呼和浩特市大学西路235号
中国·内蒙古
P: (0471) 4992561
E: huangfeilong@imu.edu.cn