Title |
ᠠᠮᠠᠨ ᠪᠠ ᠪᠴᠴᠢᠭ ᠤᠨ ᠤᠯᠠᠮᠵᠢᠯᠠᠯ ᠤᠨ 《 ᠭᠡᠰᠡᠷ》 ᠲᠡᠬᠢ ᠠᠯᠤ ᠮᠡᠷᠭᠡᠨ ᠤ ᠴᠢᠳᠠᠪᠤᠷᠢ ᠵᠢ ᠬᠠᠷᠢᠴᠠᠭᠤᠯᠤᠨ ᠰᠢᠨᠵᠢᠯᠡᠬᠦ ᠨᠢ |
Creator |
ᠴᠠᠢᠯᠭᠠᠨ |
Keyword |
ᠵᠢᠮᠪᠠᠵᠠᠮᠰᠤ;《 ᠪᠤᠭᠳᠠ ᠡᠵᠡᠨ ᠭᠡᠰᠡᠷ ᠬᠠᠭᠠᠨ》; ᠪᠡᠭᠡᠵᠢᠩ《 ᠭᠡᠰᠡᠷ》; ᠠᠯᠤ ᠮᠡᠷᠭᠡᠨ |
Abstract |
《 ᠭᠡᠰᠡᠷ》 ᠪᠤᠯ ᠮᠣᠩᠭᠤᠯ ᠲᠦᠪᠡᠳ ᠬᠤᠶᠠᠷ ᠦᠨᠳᠦᠰᠦᠲᠡᠨ ᠤ ᠤᠷᠲᠤ ᠤᠳᠠᠭᠠᠨ ᠮᠠᠢᠳᠤᠷᠠᠯ ᠲᠡᠮᠡᠴᠡᠯ ᠤᠨ ᠲᠤᠮᠲᠠ ᠡᠭᠦᠳᠦᠨ ᠪᠦᠲᠦᠭᠡᠭᠳᠡᠭᠰᠡᠨ ᠪᠠᠭᠠᠲᠤᠷᠯᠢᠭ ᠲᠤᠤᠯᠢ ᠪᠤᠯᠤᠨ᠎ᠠ᠃ ᠮᠣᠩᠭᠤᠯ 《 ᠭᠡᠰᠡᠷ》 ᠨᠢ ᠲᠦᠪᠡᠳ ᠭᠡᠰᠡᠷ ᠡᠴᠡ ᠲᠦᠷᠢ ᠪᠦᠲᠦᠭᠡᠯᠲᠡ᠂ ᠦᠢᠯᠡ ᠶᠠᠪᠤᠳᠠᠯ᠂ ᠰᠣᠶᠣᠯ ᠰᠤᠷᠲᠠᠬᠤᠨᠵᠡᠷᠭᠡ ᠤᠯᠠᠨ ᠲᠠᠯ ᠠ ᠪᠡᠷ ᠢᠯᠭᠠᠭᠳᠠᠳᠠᠭ ᠪᠦᠭᠡᠳ ᠰᠣᠶᠣᠯ ᠤᠨ ᠤᠷᠲᠤ ᠤᠳᠠᠭᠠᠨ ᠬᠦᠵᠢᠯ ᠤᠨ ᠶᠠᠪᠤᠴᠠ ᠵᠢ ᠦᠩᠭᠡᠷᠡᠭᠡᠭᠡᠳ᠂ ᠠᠳᠠᠯᠢ ᠪᠤᠰᠤ ᠪᠠᠷ ᠬᠡᠪᠯᠡᠯ ᠨᠢ ᠴᠦ ᠬᠤᠭᠤᠷᠤᠨᠳᠤ ᠪᠠᠨ ᠵᠤᠬᠢᠬᠤ ᠵᠦᠷᠢᠶ ᠠ ᠲᠠᠢ ᠪᠤᠯᠵᠠᠢ᠃ ᠦᠭᠦᠯᠡᠯ ᠳ᠋ᠤ ᠪᠡᠭᠡᠵᠢᠩ 《 ᠭᠡᠰᠡᠷ》 ᠪᠠ ᠵᠢᠮᠪᠠᠵᠠᠮᠰᠤ ᠶᠢᠨ 《 ᠪᠤᠭᠲᠠ ᠡᠵᠡᠨ ᠭᠡᠰᠡᠷ ᠬᠠᠭᠠᠨ》 ᠳ᠋ᠡᠬᠢ ᠠᠮᠤ ᠮᠡᠷᠭᠡᠨ ᠤ ᠡᠷᠳᠡᠮ ᠴᠢᠳᠠᠪᠤᠷᠢ ᠵᠢ ᠵᠡᠪᠰᠡᠭ ᠡᠳ᠋ᠯᠡᠯ᠃ ᠤᠪᠠᠳᠢᠰ ᠡᠷᠳᠡᠮ ᠭᠡᠬᠦ ᠬᠤᠶᠠᠷ ᠲᠠᠯ ᠠ ᠡᠴᠡ ᠬᠠᠷᠢᠴᠠᠭᠤᠯᠤᠨ ᠰᠢᠨᠵᠢᠯᠡᠵᠦ᠂ ᠪᠢᠴᠢᠭ ᠤᠨ ᠤᠯᠠᠮᠵᠢᠯᠠᠯ ᠤᠨ 《 ᠭᠡᠰᠡᠷ》-ᠪᠡᠭᠡᠵᠢᠩ《 ᠭᠡᠰᠡᠷ》 ᠪᠠ ᠠᠮᠠᠨ ᠤᠯᠠᠮᠵᠢᠯᠠᠯ ᠤᠨ 《 ᠭᠡᠰᠡᠷ》- 《ᠪᠤᠭᠳᠠ ᠡᠵᠡᠨ ᠭᠡᠰᠡᠷ ᠬᠠᠭᠠᠨ》 ᠳ᠋ᠡᠬᠢ ᠠᠮᠤ ᠮᠡᠷᠭᠡᠨ ᠤ ᠲᠦᠷᠢ ᠪᠦᠲᠦᠭᠡᠯᠲᠡ ᠶᠢᠨ ᠢᠯᠭᠠᠭᠠᠠ ᠵᠦᠷᠢᠶ ᠠ ᠵᠢ ᠮᠦᠷᠳᠡᠪᠡ᠃ |
Original Literature |
View Original Paper
|
出自 |
内蒙古社会科学(蒙文版)
2021年
第5期
|