Title |
ᠫᠠᠵᠠᠢ ᠶᠢᠨ ᠬᠠᠢᠯᠠᠭᠰᠠᠨ《 ᠦᠭᠡᠬᠦᠨ ᠴᠠᠭᠠᠨ ᠦᠨᠦᠴᠢᠨ ᠪᠠᠭᠠᠲᠤᠷ》 ᠲᠤᠤᠯᠢ ᠳ᠋ᠡᠬᠢ ᠮᠠᠩᠭᠤᠰ ᠤᠨ ᠲᠦᠷᠢ ᠶᠢᠨ ᠰᠢᠨᠵᠢᠯᠡᠯ |
Creator |
ᠴᠣᠭᠲᠤ |
Keyword |
ᠲᠠᠷᠬᠠᠨ ᠬᠤᠭᠤᠷᠴᠢ ᠫᠠᠵᠠᠢ;《 ᠦᠭᠡᠬᠦᠨ ᠴᠠᠭᠠᠨ ᠨᠦᠨᠦᠴᠢᠨ ᠪᠠᠭᠠᠲᠤᠷ》; ᠂ ᠮᠠᠩᠭᠤᠰ ᠤᠨ ᠲᠦᠷᠢ |
Abstract |
ᠦᠭᠦᠯᠡᠯ ᠳ᠋ᠤ ᠲᠠᠬᠠᠨ ᠬᠤᠭᠤᠷᠴᠢ ᠫᠠᠵᠠᠢ ᠶᠢᠨ ᠬᠠᠢᠯᠠᠭᠰᠠᠨ 《 ᠦᠭᠡᠬᠦᠨ ᠴᠠᠭᠠᠨ ᠦᠨᠦᠴᠢᠨ ᠪᠠᠭᠠᠲᠤᠷ᠃ ᠲᠤᠤᠯᠢ ᠳ᠋ᠡᠬᠢ ᠶᠠᠷᠡᠨ ᠲᠠᠪᠤᠨ ᠲᠤᠯᠤᠭᠠᠢ ᠲᠠᠢ ᠠᠷᠵᠠᠭᠠᠷ ᠬᠠᠷ ᠠ ᠮᠩᠭᠤᠰ ᠤᠨ ᠲᠦᠷᠢ ᠵᠢ ᠰᠢᠨᠵᠢᠯᠡᠬᠦ ᠪᠡᠷ ᠲᠠᠮᠵᠢᠭᠠᠳ ᠨᠢᠭᠡ ᠳ᠋ᠤ᠂ ᠫᠠᠵᠠᠢ ᠬᠤᠭᠤᠷᠴᠢ ᠮᠠᠩᠭᠤᠰ ᠤᠨ ᠲᠦᠷᠢ ᠵᠢ ᠭᠠᠳᠠᠷ ᠲᠦᠷᠢ ᠲᠦᠷᠬᠦ ᠡᠴᠡ ᠭᠠᠵᠢᠭᠤ ᠤᠪᠠᠳᠢᠰ᠂ ᠵᠠᠩ ᠴᠢᠠᠨᠷ ᠲᠤ ᠨᠢ ᠲᠤᠯᠳᠠᠯ ᠠ ᠤᠷᠠᠯᠭ ᠰᠠᠢᠬᠠᠨ ᠪᠦᠲᠦᠭᠡᠪᠡ᠃ ᠬᠤᠶᠠᠷ ᠲᠤ᠂ ᠲᠤᠰ ᠲᠤᠤᠯᠢ ᠶᠢᠨ ᠮᠠᠩᠭᠤᠰ ᠪᠤᠯ ᠪᠠᠢᠭᠠᠯᠢᠯᠢᠭ ᠰᠢᠨᠵᠢ᠂ ᠠᠳᠤᠭᠤᠰᠤᠯᠢᠭ ᠰᠢᠨᠵᠢ᠂ ᠬᠦᠮᠦᠨᠯᠢᠭ ᠰᠢᠨᠵᠢ ᠬᠢᠭᠡᠳ ᠰᠠᠬᠢᠭᠤᠯᠰᠤᠯᠢᠭ ᠰᠢᠨᠵᠢ ᠵᠢ ᠨᠢᠭᠡᠨ ᠪᠡᠶ ᠠ ᠳ᠋ᠤ ᠨᠢᠭᠡᠳᠭᠡᠭᠰᠡᠨ ᠲᠦᠷᠢ ᠪᠤᠯᠤᠨ᠎ᠠ》᠃ ᠭᠤᠷᠪᠠ ᠳ᠋ᠤ᠂ ᠲᠤᠰ ᠲᠤᠤᠯᠢ ᠶᠢᠨ ᠮᠠᠩᠭᠤᠰ ᠤᠨ ᠲᠦᠷᠢ ᠨᠢ ᠬᠤᠭᠤᠷ ᠤᠨ ᠦᠯᠢᠭᠡᠷ ᠤᠨ ᠪᠤᠯᠪᠤ ᠶᠢᠨ ᠱᠠᠰᠢᠨ ᠤ ᠵᠢᠶᠸ ᠰᠤᠷᠭᠠᠯ ᠤᠨ ᠳᠤᠤᠰᠢ ᠶᠢᠨ ᠨᠦᠯᠦᠭᠡ ᠵᠢ ᠬᠦᠷᠲᠡᠵᠡᠢ᠃ ᠲᠦᠷᠪᠡ ᠳ᠋ᠤ᠂ᠫᠠᠵᠠᠢ ᠪᠤᠯ ᠬᠤᠷᠢᠶᠠᠨᠭᠤᠢᠯᠠᠬᠤ ᠪᠠ ᠲᠡᠯᠭᠡᠷᠡᠬᠦᠯᠬᠦ ᠵᠢ ᠬᠠᠪᠤᠯᠢᠭ ᠰᠠᠢᠬᠠᠨ ᠤᠶᠠᠯᠳᠤᠭᠤᠯᠤᠨ ᠬᠠᠢᠯᠠᠳᠠᠭ ᠬᠡᠯᠡᠨ ᠤ ᠤᠷᠠᠨ ᠲᠠᠷᠬᠠᠨ ᠪᠤᠯᠤᠨ᠎ᠠ ᠭᠡᠬᠦ ᠦᠵᠡᠯᠲᠡ ᠵᠢ ᠲᠡᠪᠰᠢᠭᠦᠯᠡᠵᠡᠢ᠃ |
Original Literature |
View Original Paper
|
出自 |
内蒙古社会科学(蒙文版)
2021年
第5期
|