Abstract |
《ᠭᠡᠭᠡᠨ ᠲᠤᠯᠢ》 ᠪᠤᠯ ᠲᠦᠪᠡᠳ ᠤᠨ ᠰᠠᠵᠠ ᠶᠢᠨ ᠶᠤᠰᠤᠨ ᠤ ᠲᠡᠭᠡᠳᠦ ᠯᠠᠮᠠ ᠰᠡᠳᠨᠠᠮᠵᠠᠯᠰᠠᠨ ᠤ ᠲᠤᠭᠤᠷᠪᠢᠭᠰᠠᠨ 《 ᠴᠢᠰᠤᠲᠠᠯ ᠤᠨ ᠰᠢᠯᠲᠡᠭᠡᠨ》 ᠬᠡᠮᠡᠭᠳᠡᠭᠰᠡᠨ ᠲᠦᠪᠡᠳ ᠤᠷᠤᠨ ᠳ᠋ᠤ ᠲᠡᠯᠭᠡᠷᠡᠭᠰᠡᠨ ᠶᠠᠰᠤᠨ ᠢ ᠲᠤᠳᠤᠷᠠᠭᠤᠯᠤᠨ ᠦᠭᠦᠯᠡᠭᠰᠡᠨ ᠲᠦᠪᠡᠳ ᠲᠡᠦᠭᠡᠨ ᠵᠤᠬᠢᠶᠠᠨᠭᠤᠢ ᠪᠤᠯᠤᠨ᠎ᠠ᠃《 ᠭᠡᠭᠡᠮ ᠲᠤᠯᠢ》 ᠪᠤᠯ ᠲᠦᠭᠡᠳ ᠤᠨ ᠲᠡᠦᠭᠡ ᠰᠣᠶᠣᠯ ᠲᠠᠢ ᠬᠤᠯᠪᠤᠭᠲᠠᠬᠤ ᠦᠨ᠎ᠠ ᠴᠠᠨ᠎ᠠ ᠲᠠᠢ ᠮᠠᠲ᠋ᠸᠷᠢᠶᠠᠯ ᠪᠤᠯᠬᠤ ᠲᠡᠳᠦᠢ ᠦᠭᠡᠢ ᠲᠡᠷᠡ ᠦᠶ ᠠ ᠶᠢᠨ ᠲᠦᠪᠡᠳᠴᠦᠳ ᠤᠨ ᠠᠮᠢᠳᠤᠷᠠᠯ ᠠᠬᠤᠢ᠂ᠢᠯᠠᠩᠭᠤᠶ ᠠ ᠲᠦᠪᠡᠳ᠂ᠮᠣᠩᠭᠤᠯ ᠤᠨ ᠬᠠᠷᠢᠯᠴᠠᠭᠠᠨ ᠳ᠋ᠤ ᠬᠤᠯᠪᠤᠭᠳᠠᠯ ᠲᠠᠢ ᠲᠤᠳᠤᠷᠬᠠᠢ ᠪᠠᠷᠢᠮᠲᠠ ᠪᠤᠯᠤᠨ᠎ᠠ᠃ ᠡᠭᠦᠨᠴᠢᠯᠠᠨ ᠲᠡᠯᠭᠡᠢ ᠳ᠋ᠠᠬᠢᠨ ᠤ ᠲᠦᠪᠡᠳᠴᠢ ᠡᠷᠳᠡᠮᠲᠠᠨ ᠨᠠᠷ ᠡᠨᠡ ᠬᠦ ᠵᠤᠬᠦᠶᠠᠩᠭᠤᠢ ᠵᠢ ᠠᠯ ᠡᠷᠲᠡ ᠡᠴᠡ ᠠᠩᠬᠠᠷᠤᠨ ᠰᠣᠨᠢᠷᠬᠠᠵᠤ ᠲᠦᠪᠡᠳ ᠮᠣᠩᠭᠤᠯ ᠤᠨ ᠬᠠᠷᠢᠯᠴᠠᠭ᠎ᠠ ᠪᠠ ᠲᠦᠪᠡᠳ ᠤᠨ ᠪᠤᠷᠬᠠᠨ ᠤ ᠱᠠᠰᠢᠨ ᠤ ᠲᠦᠭᠡ ᠶᠢᠨ ᠰᠣᠳᠤᠯᠭᠠᠨ ᠤ ᠴᠢᠬᠤᠯᠠ ᠡᠭᠡ ᠬᠡᠷᠡᠭᠯᠡᠭᠳᠡᠬᠦᠨ ᠪᠤᠯᠭᠠᠨ ᠭᠡᠷᠡᠭᠯᠡᠬᠦ ᠶᠢᠨ ᠰᠠᠴᠠ ᠦᠪᠡᠷ ᠦᠪᠡᠷ ᠤᠨ ᠮᠡᠳᠡᠭᠡᠬᠦ ᠬᠡᠯᠡᠨ᠎ᠠ ᠤᠷᠴᠢᠭᠤᠯᠤᠨ ᠬᠡᠪᠯᠡᠬᠦᠯᠵᠦ ᠰᠣᠳᠤᠯᠭᠠᠨ ᠤ ᠡᠷᠬᠦᠯᠲᠡ ᠳ᠋ᠤ ᠤᠷᠤᠭᠤᠯᠤᠨ ᠰᠢᠨᠵᠢᠯᠡᠭᠰᠡᠭᠡᠷ ᠢᠷᠡᠪᠡ᠃ ᠦᠭᠦᠯᠡᠯ ᠳ᠋ᠤ ᠮᠣᠩᠭᠤᠯ ᠤᠷᠴᠢᠭᠤᠯᠭ᠎ᠠ ᠶᠢᠨ 《 ᠭᠡᠭᠡᠨ ᠲᠤᠯᠢ》 ᠶᠢᠨ ᠠᠭᠤᠯᠭ᠎ᠠ ᠪᠦᠲᠦᠴᠡ᠂ ᠮᠠᠲ᠋ᠸᠷᠢᠶᠠᠯ ᠤᠨ ᠦᠨ᠎ᠠ ᠴᠠᠨ᠎ᠠ ᠪᠠ ᠪᠠᠷ ᠬᠡᠪᠯᠡᠯ ᠤᠨ ᠲᠤᠬᠠᠢ ᠲᠤᠳᠤᠷᠠᠭᠤᠯᠬᠤ ᠵᠢ ᠵᠤᠷᠢᠪᠠ᠃ |