Title |
ᠪᠦᠬᠡᠬᠡᠰᠢᠭ ᠤᠨ《 ᠶᠠᠫᠤᠨ ᠤᠯᠤᠰ ᠤᠨ ᠰᠤᠷᠭᠠᠭᠤᠯᠢ ᠵᠢ ᠲᠤᠭᠤᠷᠢᠨ ᠦᠵᠡᠭᠰᠡᠨ ᠡᠳᠦᠷ ᠪᠦᠷᠢ ᠶᠢᠨ ᠲᠡᠮᠳᠡᠭᠯᠡᠯ》 ᠳᠡᠬᠢ ᠶᠠᠫᠤᠨ ᠪᠠ ᠶᠠᠫᠤᠨ ᠬᠦᠮᠦᠨ |
Creator |
ᠨᠠᠮᠢᠶ ᠠ |
Keyword |
《 ᠶᠠᠫᠤᠨ ᠤᠯᠤᠰ ᠤᠨ ᠰᠤᠷᠭᠠᠭᠤᠯᠢ ᠵᠢ ᠲᠤᠭᠤᠷᠢᠨᠦᠵᠡᠭᠰᠡᠨ ᠡᠳᠦᠷ ᠪᠦᠷᠢ ᠶᠢᠨ ᠲᠡᠮᠳᠡᠭᠯᠡᠯ》; ᠶᠠᠫᠤᠨ ᠲᠦᠷᠢ |
Abstract |
ᠮᠣᠩᠭᠤᠯ ᠦᠨᠳᠦᠰᠦᠲᠡᠨ ᠤ ᠤᠷᠴᠢᠨ ᠦᠶ ᠠ ᠶᠢᠨ ᠤᠳᠬ ᠠ ᠵᠤᠬᠢᠶᠠᠯ ᠤᠨ ᠲᠡᠦᠭᠡ ᠪᠤᠯ ᠮᠣᠩᠭᠤᠯ ᠤᠳᠬ ᠠ ᠵᠤᠬᠢᠶᠠᠯ ᠨᠢ ᠡᠷᠲᠡᠨ ᠤ ᠬᠢ ᠡᠴᠡ ᠪᠠᠨ ᠣᠳᠤᠬᠢᠴᠢ ᠵᠦᠭ᠂ ᠤᠯᠠᠮᠵᠢᠯᠠᠯ ᠡᠴᠡ ᠪᠠᠨ ᠰᠢᠨᠡᠴᠢᠯᠠᠯ ᠵᠦᠭ ᠤᠯᠠᠷᠢᠭᠰᠠᠨ ᠨᠢᠭᠡ ᠡᠷᠬᠢᠯᠲᠡ ᠶᠢᠨ ᠱᠠᠲᠤ ᠪᠤᠯᠤᠨ᠎ᠠ᠃ ᠦᠭᠦᠯᠡᠯ ᠳ᠋ᠤ᠂ ᠲᠡᠭᠡᠷᠡᠬᠢ ᠰᠢᠯᠵᠢᠯᠲᠡ ᠪᠠ ᠰᠢᠨᠡᠴᠢᠯᠠᠯ ᠢ ᠦᠵᠡᠭᠦᠯᠵᠦ ᠪᠤᠯᠬᠤᠢᠴᠠ ᠨᠢᠭᠡ ᠵᠢᠱᠢᠶ ᠠ ᠵᠤᠬᠢᠶᠠᠯ ᠪᠤᠯᠬᠤ ᠪᠦᠬᠡᠬᠡᠰᠢᠭ ᠤᠨ 《 ᠶᠠᠫᠤᠨ ᠤᠯᠤᠰ ᠤᠨ ᠰᠤᠷᠭᠠᠭᠤᠯᠢ ᠵᠢ ᠲᠠᠭᠤᠷᠢᠨ ᠦᠵᠡᠭᠰᠡᠨ ᠡᠳᠦᠷ ᠪᠦᠷᠢ ᠶᠢᠨ ᠲᠡᠮᠳᠡᠭᠯᠡᠯ》 ᠭᠡᠬᠦ ᠵᠤᠬᠢᠶᠠᠯ ᠢ ᠰᠢᠨᠵᠢᠯᠡᠨ ᠦᠵᠡᠬᠦ ᠪᠡᠷ ᠲᠠᠮᠵᠢᠭᠤᠯᠤᠨ᠂ ᠮᠣᠩᠭᠤᠯ ᠤᠳᠬ ᠠ ᠵᠤᠬᠢᠶᠠᠯ ᠤᠨ ᠤᠳᠤᠬᠢᠴᠢᠯᠠᠯ ᠨᠢ ᠬᠡᠷᠬᠢᠨ ᠦᠭᠡᠷ ᠠ ᠪᠤᠰᠤᠳ ᠤᠨ ᠰᠣᠶᠣᠯ ᠲᠠᠢ ᠬᠠᠷᠢᠯᠴᠠᠬᠤ ᠲᠤᠮᠲᠠ ᠪᠡᠶᠡᠯᠡᠯ ᠢᠢᠡᠨ ᠤᠯᠤᠭᠰᠠᠨ᠂ ᠣᠷᠴᠢᠨ ᠦᠶ ᠠ ᠶᠢᠨ ᠰᠡᠭᠡᠭᠡᠲᠡᠳ ᠤᠨ ᠦᠵᠡᠯ ᠪᠤᠳᠤᠯ ᠨᠢ ᠬᠡᠷᠬᠢᠨ ᠪᠦᠷᠢᠯᠳᠦᠭᠰᠡᠨ ᠭᠡᠬᠦ ᠵᠡᠷᠭᠡ ᠠᠰᠠᠭᠤᠳᠠᠯ ᠢ ᠠᠪᠴᠤ ᠶᠠᠷᠢᠯᠴᠠᠭᠰᠠᠨ ᠪᠠᠢᠨ᠎ᠠ᠃ ᠰᠤᠳᠤᠯᠭᠠᠨ ᠤ ᠠᠷᠭ᠎ᠠ ᠶᠢᠨ ᠬᠤᠪᠢ ᠳ᠋ᠤ ᠬᠠᠷᠢᠴᠠᠭᠤᠯᠤᠭᠰᠠᠨ ᠤᠳᠬ ᠠ ᠵᠤᠬᠢᠶᠠᠯ ᠤᠨ ᠲᠦᠷᠢ ᠵᠦᠢ ᠶᠢᠨ ᠠᠷᠭ᠎ᠠ ᠵᠢ ᠬᠡᠷᠡᠭᠯᠡᠨ ᠦᠪᠡᠷ/ᠪᠤᠰᠤᠳ ᠭᠡᠬᠦ ᠨᠢᠭᠡ ᠬᠤᠤᠰ ᠬᠠᠷᠠᠭᠠᠯᠵᠠᠭᠰᠠᠨ ᠲᠦᠷᠢ ᠶᠢᠨ ᠲᠤᠭᠤᠷᠢᠨ ᠳ᠋ᠤ ᠤᠷᠴᠢᠨ ᠦᠶ ᠠ ᠭᠡᠬᠦ ᠪᠦᠬᠦᠢ ᠯᠡ ᠨᠢᠭᠡ ᠴᠠᠭ ᠦᠶ ᠠ ᠶᠢᠨ ᠣᠨᠴᠠᠯᠢᠭ ᠰᠢᠨᠵᠢ᠂ ᠪᠠᠢᠳᠠᠯ ᠲᠦᠯᠦᠪ ᠢ ᠶᠠᠯᠠᠷ ᠨᠢᠭᠡ ᠲᠠᠯ ᠠ ᠡᠴᠡ ᠲᠤᠳᠤᠷᠠᠭᠤᠯᠬᠤ ᠭᠡᠵᠦ ᠮᠡᠷᠠᠢᠪᠠ᠃ |
Original Literature |
View Original Paper
|
出自 |
内蒙古社会科学(蒙文版)
2021年
第4期
|