Abstract |
ᠤᠯᠤᠰ ᠤᠨ ᠲᠤᠳᠤᠭᠠᠲᠠ ᠭᠠᠳᠠᠭᠠᠲᠤ ᠳ᠋ᠤ ᠬᠡᠪᠯᠡᠭᠳᠡᠭᠰᠡᠨ ᠨᠦᠯᠦᠭᠡ ᠶᠡᠬᠡ ᠲᠠᠢ ᠵᠠᠷᠢᠮ ᠮᠣᠨᠭᠤᠯ ᠬᠡᠯᠡᠨ ᠤ ᠲᠤᠯᠢ ᠪᠢᠴᠢᠭ ᠤᠳ ᠡᠴᠡ ᠠᠵᠢᠬᠤ ᠳ᠋ᠤ《 ᠵᠤᠷ》 ᠪᠠ 《 ᠵᠤᠷᠰᠢᠯ》 ᠭᠡᠬᠦ ᠬᠤᠶᠠᠷ ᠦᠭᠡ ᠵᠢ ᠲᠤᠰ ᠪᠦᠷᠢ ᠵᠤ᠊Jo, ᠵᠤ᠌J᠌uᠬᠤᠶᠠᠷ ᠠᠳᠠᠯᠢ ᠪᠤᠰᠤ ᠬᠡᠰᠡᠭ ᠲᠤ ᠰᠠᠯᠭᠠᠨ ᠲᠤᠬᠢᠷᠠᠭᠤᠯᠵᠤ ᠬᠤᠭᠤᠷᠤᠨᠳᠤ ᠪᠠᠨ ᠶᠠᠮᠠᠷ ᠴᠦ ᠬᠤᠯᠪᠤᠭᠠᠦᠭᠡᠢ ᠰᠢᠭ ᠪᠠᠢᠳᠠᠯ ᠲᠠᠢ ᠪᠠᠢᠨ᠎ᠠ᠃ ᠨᠠᠢᠷᠠᠯᠲᠠ ᠪᠤᠶᠤ ᠡᠮ ᠤᠨ ᠨᠠᠢᠷᠠᠯᠭ᠎ᠠ ᠬᠡᠳᠡᠭ ᠤᠳᠬ ᠠ ᠪᠦᠬᠦᠢ ᠵᠤᠷ ᠭᠡᠳᠡᠭ ᠦᠭᠡ ᠪᠤᠯ ᠲᠦᠪᠡᠳ ᠵᠢᠭᠡᠯᠡᠭᠡ ᠦᠭᠡ ᠶᠣᠮ᠃ ᠲᠡᠷᠡ ᠮᠣᠨᠭᠤᠯ ᠦᠭᠡᠨ ᠳ᠋ᠤ ᠤᠷᠤᠭᠰᠠᠨ ᠤ ᠲᠠᠷᠠᠭ᠎ᠠ ᠦᠨᠳᠦᠰᠦᠨ ᠤᠳᠬ ᠠ ᠡᠴᠡ ᠪᠠᠨ ᠭᠠᠳᠠᠨ᠎ᠠ ᠶᠠᠪᠤᠭᠠᠨ ᠳ᠋ᠤ ᠪᠠᠨ ᠤᠳᠬ ᠠ ᠨᠢ ᠦᠷᠭᠡᠵᠢᠨ《 ᠲᠤᠭᠲᠠᠭᠰᠠᠨ ᠬᠡᠪᠰᠢᠯ》 ᠭᠡᠬᠦ ᠰᠢᠯᠵᠢᠭᠰᠡᠨ ᠤᠳᠬ ᠠ ᠵᠢ ᠴᠦ ᠢᠯᠡᠳᠭᠡᠬᠦ ᠪᠤᠯᠵᠠᠢ᠃ ᠵᠤᠷᠰᠢᠯ ᠭᠡᠬᠦ ᠦᠭᠡ ᠪᠤᠯ ᠶᠠᠭ ᠡᠨᠡ ᠬᠦ ᠰᠢᠯᠵᠢᠭᠰᠡᠨ ᠤᠳᠬ ᠠ ᠪᠦᠬᠦᠢ ᠵᠤᠷ ᠭᠡᠳᠡᠭ ᠦᠭᠡᠨ ᠳ᠋ᠤ ᠦᠢᠯᠡ ᠦᠭᠡ ᠪᠦᠲᠦᠭᠡᠬᠦ《ᠰᠢ 》 ᠲᠠᠭᠠᠪᠤᠷᠢ ᠪᠠ ᠵᠢᠩᠬᠢᠨᠢ ᠨᠡᠷ ᠠ ᠪᠦᠲᠦᠭᠡᠬᠦ《 ᠯ》 ᠲᠠᠭᠠᠪᠤᠷᠢ ᠵᠢ ᠵᠠᠯᠭᠠᠨ ᠡᠭᠦᠰᠦᠭᠰᠡᠨ ᠶᠣᠮ᠃ ᠲᠤᠰ ᠬᠤᠶᠠᠷ ᠦᠭᠡ ᠵᠢ ᠬᠠᠷᠢᠴᠠᠭ᠎ᠠ ᠬᠤᠯᠪᠤᠭ᠎ᠠ ᠦᠭᠡᠢ ᠰᠢᠭ ᠲᠤᠯᠢ ᠪᠢᠴᠢᠭ ᠲᠤ ᠠᠳᠠᠢ ᠪᠤᠰᠤ ᠬᠤᠶᠠᠷ ᠬᠡᠰᠡᠭ ᠲᠤ ᠤᠷᠤᠭᠤᠯᠤᠨ ᠲᠡᠮᠳᠡᠭᠯᠡᠵᠦ ᠪᠠᠢᠳᠠᠭ ᠤᠨ ᠦᠨᠳᠦᠰᠦᠨ ᠰᠢᠯᠲᠠᠭᠠᠨ ᠨᠢ ᠲᠦᠪᠡᠳ ᠬᠡᠯᠡᠨ ᠤ O ᠡᠭᠡᠰᠢᠭ ᠢ ᠮᠣᠩᠭᠤᠯ ᠬᠡᠯᠡᠨ ᠤ ᠦᠭᠡ ᠶᠢᠨ ᠡᠬᠢᠨ ᠳ᠋ᠤ ᠲᠦᠷᠪᠡ ᠪᠠ ᠲᠠᠪᠤᠳᠤᠭᠠᠷᠡ ᠡᠭᠡᠰᠢᠭ ᠢᠢᠡᠷ ᠬᠤᠶᠠᠷ ᠶᠠᠩᠵᠤ ᠪᠡᠷ ᠠᠪᠢᠶᠠᠯᠠᠳᠠᠭ ᠡᠴᠡ ᠪᠤᠯᠵᠠᠢ᠃ |