Paper Information


Title 《 ᠮᠣᠩᠭᠤᠯ ᠤᠨ ᠨᠢᠭᠤᠴᠠ ᠲᠤᠪᠴᠢᠶᠠᠨ 》 ᠤ ᠦᠭᠡ ᠶᠢᠨ ᠡᠴᠦᠰ ᠤᠨ -ai/-ei ᠪᠠ ᠲᠡᠭᠦᠨ ᠯᠦᠭᠡ ᠬᠠᠷᠠᠭᠠᠯᠵᠠᠭᠰᠠᠨ ᠲᠦᠷᠪᠡᠯᠵᠢᠨ ᠦᠰᠦᠭ ᠤᠨ ᠬᠡᠯᠪᠡᠷᠢ ᠡᠴᠡ ᠰᠡᠳᠦᠪᠯᠡᠬᠦ ᠨᠢ
Creator ᠴᠠᠭᠠᠨᠰᠠᠷᠠ
Keyword ᠬᠢᠲᠠᠳ ᠭᠠᠯᠢᠭ; ᠬᠤᠤᠰ ᠡᠭᠡᠰᠢᠭ; ᠲᠦᠷᠪᠡᠯᠵᠢᠨ ᠦᠰᠦᠭ; ᠮᠣᠩᠭᠤᠯ ᠪᠢᠴᠢᠭ; ᠲᠡᠪᠢᠰᠭᠡᠷ
Abstract ᠲᠤᠰ ᠦᠭᠦᠯᠡᠯ ᠳ᠋ᠤ《 ᠮᠣᠩᠭᠤᠯ ᠤᠨ ᠨᠢᠭᠤᠴᠠ ᠲᠤᠪᠴᠢᠶᠠᠨ》 ᠤ ᠦᠭᠡ  ᠶᠢᠨ ᠡᠴᠦᠰ ᠤᠨ -ai/-ei ᠵᠢ ᠢᠯᠡᠳᠭᠡᠭᠰᠡᠨ ᠬᠢᠲᠠᠳ ᠦᠰᠦᠭ ᠢᠢᠡᠷ ᠰᠢᠵᠢᠮ ᠪᠤᠯᠭᠠᠵᠤ᠂ ᠡᠷᠲᠡᠮ ᠰᠢᠨᠵᠢᠯᠡᠭᠡᠨ ᠤ ᠬᠢᠨ ᠲᠡᠭᠦᠨ ᠢ -ai/-ei ᠪᠠ -ay/-ey ᠭᠡᠬᠦ ᠮᠡᠲᠦ ᠬᠤᠶᠠᠷ ᠵᠦᠢᠯ  ᠢᠢᠡᠷ ᠭᠤᠤᠯᠯᠠᠵᠤ ᠪᠠᠢᠭᠰᠠᠨ ᠡᠴᠡ ᠡᠭᠦᠰᠴᠦ᠂ ᠲᠡᠭᠦᠨ ᠤ ᠮᠣᠩᠭᠤᠯ ᠪᠢᠴᠢᠭ ᠤᠨ ᠬᠡᠯᠡᠨ ᠤ ᠦᠶ ᠠ ᠶᠢᠨ ᠡᠴᠦᠰ ᠲᠤ ᠬᠢ ᠬᠡᠯᠪᠡᠷᠢ ᠯᠤᠭᠡ ᠬᠤᠯᠪᠤᠨ ᠰᠢᠨᠵᠢᠯᠡᠪᠡ᠃ ᠡᠭᠦᠨ ᠳ᠋ᠤ ᠲᠦᠷᠪᠡᠯᠵᠢᠨ ᠦᠰᠦᠭ ᠤᠨ ᠦᠰᠦᠭ ᠤᠨ ᠲᠦᠷᠢᠮ ᠢᠢᠡᠷ ᠯᠠᠪᠯᠠᠯᠲᠠ ᠪᠤᠯᠭᠠᠵᠤ᠂ ᠮᠣᠩᠭᠤᠯ ᠶᠠᠷᠢᠶᠠᠨ ᠤ ᠬᠡᠯᠡ᠂ ᠰᠤᠷᠪᠤᠯᠵᠢᠰ ᠤᠨ ᠬᠡᠯᠡ ᠪᠠ ᠪᠢᠴᠢᠭ ᠤᠨ ᠬᠡᠯᠡ ᠪᠤᠯ ᠬᠠᠷᠢᠯᠴᠠᠨ ᠨᠢᠭᠲᠠ ᠬᠠᠷᠢᠴᠠᠭ᠎ᠠ ᠲᠠᠢ ᠪᠦᠭᠡᠳ ᠲᠤᠰ ᠲᠤᠰ ᠤᠨ ᠢᠢᠡᠨ ᠦᠪᠡᠮᠷᠴᠡ ᠣᠨᠴᠠᠯᠢᠭ ᠪᠦᠬᠦᠢ ᠨᠢᠭᠡ ᠬᠡᠯᠡᠨ ᠤ ᠭᠤᠷᠪᠠᠨ ᠵᠦᠢᠯ ᠤᠨ ᠬᠡᠯᠪᠡᠷᠢ ᠪᠤᠯᠬᠤ ᠲᠤᠬᠠᠢ ᠦᠭᠦᠯᠡᠭᠡᠳ 《ᠮᠣᠩᠭᠤᠯ ᠤᠨ ᠨᠢᠭᠤᠴᠠ ᠲᠤᠪᠴᠢᠶᠠᠨ》 ᠤ ᠦᠭᠦᠯᠡᠨ ᠪᠦᠬᠦᠢ ᠲᠡᠳᠡᠭᠡᠷ ᠬᠢᠲᠠᠳ ᠦᠰᠦᠭ ᠤᠨ ᠲᠤᠬᠠᠢ ᠶᠢᠨ ᠦᠶ ᠠ ᠶᠢᠨ ᠬᠢᠲᠡᠳ ᠬᠡᠯᠡᠨ ᠳ᠋ᠤ ᠬᠢ ᠲᠠᠭᠤᠳᠠᠯᠭ᠎ᠠ ᠨᠢ ᠬᠤᠤᠰ ᠡᠭᠡᠰᠢᠭ ᠲᠠᠢ ᠲᠤᠯᠠ ᠲᠡᠭᠦᠨ ᠢ -ai/-ei ᠪᠡᠷ ᠭᠠᠯᠢᠯᠭᠯᠠᠬᠤ ᠨᠢᠪᠤᠳᠠᠳᠠᠢ ᠪᠠᠢᠳᠠᠯ ᠳ᠋ᠤ ᠨᠡᠢᠴᠡᠨ᠎ᠠ᠂ ᠬᠠᠷᠢᠨ ᠲᠡᠳᠡᠭᠡᠷ ᠲᠦᠷᠪᠡᠯᠵᠢᠨ ᠦᠰᠦᠭ ᠤᠨ ᠬᠠᠷᠠᠭᠠᠯᠵᠠᠭᠰᠠᠨ ᠬᠯᠪᠡᠷᠢ ᠳ᠋ᠤ ᠬᠢ -ay/-ey ᠪᠤᠶᠤ-yi ᠪᠤᠯ ᠦᠰᠦᠭ ᠵᠦᠢ ᠶᠢᠨ ᠦᠢᠯᠡᠳᠦᠯ ᠪᠦᠬᠦᠢ ᠬᠡᠯᠪᠡᠷᠢ ᠪᠤᠯᠤᠨ᠎ᠠ ᠭᠡᠳᠡᠭ ᠦᠵᠡᠯᠲᠡ ᠵᠢ ᠲᠡᠪᠰᠢᠬᠦᠯᠦᠭᠰᠡᠠ ᠪᠠᠢᠨ᠎ᠠ᠃
Original Literature View Original Paper
出自 内蒙古大学学报 2021年 第4期

联系我们


内蒙古大学图书馆
呼和浩特市大学西路235号
中国·内蒙古
P: (0471) 4992561
E: huangfeilong@imu.edu.cn