Paper Information


Title 《ᠵᠠᠩᠭ᠋ᠠᠷ》 ᠤᠨ ᠲᠤᠤᠯᠢᠰ ᠤᠨ ᠡᠭᠦᠰᠦᠨ ᠪᠦᠷᠢᠯᠳᠦᠭᠰᠡᠨ ᠴᠠᠭ ᠦᠶ᠎ᠡ ᠶᠢᠨ ᠲᠤᠬᠠᠢ
Creator ᠣ‍ · ᠪᠠᠶᠢ
Keyword
Abstract 《ᠵᠠᠩᠭ᠋ᠠᠷ》 ᠤᠨ ᠲᠤᠤᠯᠢᠰ ᠤᠨ ᠴᠠᠭ ᠦᠶ᠎ᠡ ᠶᠢᠨ ᠲᠤᠬᠠᠢ ᠰᠤᠳᠤᠯᠤᠯ ᠪᠤᠯ 《ᠵᠠᠩᠭ᠋ᠠᠷ》 ᠤᠨ ᠰᠤᠳᠤᠯᠤᠯ ᠤᠨ ᠴᠢᠬᠤᠯᠠ ᠨᠢᠭᠡᠨ ᠠᠰᠠᠭ᠋ᠤᠳᠠᠯ ᠪᠤᠯᠤᠨ᠎ᠠ᠃ ᠡᠨᠡ ᠲᠤᠬᠠᠢ ᠮᠣᠩᠭᠤᠯᠴᠢ ᠡᠷᠳᠡᠮᠲᠡᠳ ᠠᠳᠠᠯᠢ ᠪᠤᠰᠤ ᠰᠤᠳᠤᠯᠤᠯ ᠤᠨ ᠴᠢᠭ ᠪᠡ ᠪᠠᠷᠢᠮᠲᠠ ᠮᠠᠲ᠋ᠧᠷᠢᠶᠠᠯ ᠳᠤ ᠰᠠᠭ᠋ᠤᠷᠢᠯᠠᠵᠤ᠂ ᠦᠪᠡᠷ ᠦᠪᠡᠷ ᠦᠨ ᠦᠵᠡᠯᠲᠡ ᠪᠡᠨ ᠳᠡᠯᠭᠡᠵᠦ ᠪᠢᠯᠡ᠃ ᠡᠷᠳᠡᠮ ᠰᠢᠨᠵᠢᠯᠡᠭᠡᠨ ᠦ ᠮᠠᠳᠠᠭ ᠲᠠᠢ ᠠᠰᠠᠭ᠋ᠤᠳᠠᠯ᠂ ᠮᠠᠷᠭ᠋ᠤᠭ᠋ᠠᠨ ᠲᠠᠢ ᠰᠡᠳᠦᠪ ᠨᠢ ᠣᠯᠠᠨ ᠲᠠᠯ᠎ᠠ ᠶᠢᠨ ᠰᠢᠨᠵᠢᠯᠡᠭᠡᠨ᠂ ᠠᠳᠠᠯᠢ ᠪᠤᠰᠤ ᠰᠢᠨᠵᠢᠯᠡᠭᠡ ᠪᠤᠯᠤᠨ ᠠᠳᠠᠯᠢ ᠪᠤᠰᠤ ᠮᠠᠲ᠋ᠧᠷᠢᠶᠠᠯ ᠰᠡᠯᠳᠡ᠂ ᠣᠯᠠᠨ ᠡᠷᠳᠡᠮᠲᠡᠳ ᠦᠨ ᠰᠢᠨᠳᠡᠷᠡᠰᠢ ᠦᠭᠡᠢ ᠬᠠᠢᠯᠲᠠ ᠶᠢ ᠳᠠᠮᠵᠢᠨ ᠰᠠᠶᠢ ᠡᠴᠦᠰ ᠲᠤ ᠰᠢᠨᠵᠢᠯᠡᠬᠦ ᠤᠬᠠᠭ᠋ᠠᠨᠴᠢ ᠦᠷ᠎ᠡ ᠳ᠋ᠦᠩ ᠳᠦ ᠣᠢᠷᠠᠲᠤᠬᠤ ᠶᠤᠮ᠃ 《ᠵᠠᠩ᠋ᠭᠠᠷ》 ᠤᠨ ᠲᠤᠤᠯᠢᠰ ᠤᠨ ᠡᠭᠦᠰᠦᠯ ᠪᠦᠷᠢᠯᠳᠦᠯ ᠦᠨ ᠲᠤᠬᠠᠢ ᠰᠢᠨᠵᠢᠯᠡᠬᠦ ᠤᠬᠠᠭ᠋ᠠᠨᠴᠢ ᠦᠷ᠎ᠡ ᠳ᠋ᠦᠩ ᠨᠢ ᠶᠠᠭ ᠡᠨ᠋ᠡᠭᠦ ᠵᠢᠮ᠎ᠡ ᠪᠡᠷ ᠪᠡᠶᠡᠯᠡᠭᠳᠡᠬᠦ ᠪᠠᠢᠬ᠎ᠠ᠃ ᠲᠤᠰ ᠦᠭᠦᠯᠡᠯ ᠦᠨ ᠵᠤᠬᠢᠶᠠᠭᠴᠢ ᠴᠤ ᠡᠨ᠋ᠡᠬᠦ ᠮᠠᠷᠭ᠋ᠤᠭ᠋ᠠᠨ ᠳᠤ ᠵᠤᠷᠢᠭᠲᠠᠢ ᠣᠷᠤᠯᠴᠠᠵᠤ᠂ 《ᠵᠠᠩ᠋ᠭᠠᠷ》 ᠤᠨ ᠲᠤᠤᠯᠢᠰ ᠤᠨ ᠡᠭᠦᠰᠦᠨ ᠪᠦᠷᠢᠯᠳᠦᠭᠰᠡᠨ ᠴᠠᠭ ᠦᠶ᠎ᠡ ᠶᠢ 《ᠵᠠᠩ᠋ᠭᠠᠷ》 ᠲᠤ ᠳᠤᠰᠬᠠᠭᠳᠠᠭᠰᠠᠨ ᠦᠢᠯᠡ ᠶᠠᠪᠤᠳᠠᠯ ᠳᠤ ᠰᠠᠭ᠋ᠤᠷᠢᠯᠠᠵᠤ᠂ ᠮᠣᠩᠭᠤᠯ ᠦᠨᠳᠦᠰᠦᠲᠡᠨ ᠦ ᠨᠡᠢᠭᠡᠮ ᠲᠡᠦᠬᠡ᠂ ᠨᠡᠢᠭᠡᠮ ᠦᠨ ᠪᠠᠢᠭ᠋ᠤᠯᠤᠯ ᠪᠠ ᠤᠷᠤᠭ ᠬᠤᠷᠢᠮ ᠤᠨ ᠵᠠᠩᠰᠢᠯ ᠤᠨ ᠲᠠᠯ᠎᠎ᠠ ᠠᠴᠠ ᠡᠷᠢᠨ ᠰᠤᠷᠠᠭᠰᠠᠨ ᠪᠠᠢᠨ᠎ᠠ᠃
Original Literature No Original Paper
出自 内蒙古民族大学学报(社会科学) 1994年 第4期

联系我们


内蒙古大学图书馆
呼和浩特市大学西路235号
中国·内蒙古
P: (0471) 4992561
E: huangfeilong@imu.edu.cn