Title |
ᠮᠣᠩᠭᠤᠯ ᠤᠷᠠᠨ ᠵᠤᠬᠢᠶᠠᠯ ᠳ᠋ᠡᠬᠢ ᠰᠲ᠋ᠢᠯᠢ ᠪᠠ ᠵᠠᠨᠠᠷ ᠭᠡᠬᠦ ᠨᠡᠷ ᠠ ᠲᠤᠮᠢᠶ ᠠ ᠵᠢ ᠲᠦᠷᠢᠮᠵᠢᠬᠦᠯᠬᠦ ᠠᠰᠠᠭᠤᠳᠠᠯ ᠤᠨ ᠲᠤᠬᠠᠢ |
Creator |
ᠬᠠ᠊᠂ ᠤᠯᠠᠭᠠᠨᠪᠠᠭᠠᠲᠤᠷ |
Keyword |
ᠤᠷᠠᠨ ᠵᠤᠬᠢᠶᠠᠯ; ᠨᠡᠷ ᠠ ᠲᠤᠮᠢᠶ ᠠ; ᠲᠦᠷᠢᠮᠵᠢᠯ |
Abstract |
ᠰᠲ᠋ᠢᠯᠢ ᠵᠦᠢ ᠪᠤᠯ ᠬᠡᠯᠡ ᠰᠢᠨᠵᠢᠯᠯᠡ ᠤᠨ ᠤᠨᠤᠯ ᠤᠨ ᠰᠠᠭᠤᠷᠢᠨ ᠲᠡᠭᠡᠷ ᠠ ᠪᠤᠢ ᠪᠤᠯᠵᠤ᠂ ᠬᠡᠯᠡ ᠰᠢᠨᠵᠢᠯᠡᠯ ᠤᠨ ᠵᠠᠷᠴᠢᠮ ᠪᠠ ᠵᠠᠳᠠᠯᠬᠤ ᠠᠷᠭ᠎ᠠ ᠪᠡᠷ ᠪᠠᠷᠢᠯᠳᠠᠬᠤᠨ ᠤ ᠪᠠᠨ ᠬᠡᠪ ᠨᠠᠮᠪᠠ ᠶᠢᠨ ᠠᠰᠠᠭᠤᠳᠠᠯ ᠢ ᠰᠣᠳᠤᠯᠳᠠᠭ ᠵᠠᠪᠰᠠᠷ ᠤᠨ ᠰᠢᠨᠵᠢᠯᠡᠭᠡᠨ ᠪᠤᠯᠤᠨ᠎ᠠ᠃ ᠡᠬᠦᠨ ᠳ᠋ᠤ ᠠᠩᠬᠠᠷᠤᠭᠤᠰᠢᠲᠠᠢ ᠨᠢ ᠤᠯᠤᠰ ᠤᠨ ᠲᠤᠳᠤᠭᠠᠲᠤ ᠭᠠᠳᠠᠭᠠᠲᠤ ᠶᠢᠨ ᠰᠲ᠋ᠢᠯᠢ ᠵᠦᠢ ᠶᠢᠨ ᠰᠣᠳᠤᠯᠭᠠᠨ ᠤ ᠲᠤᠮᠲᠠ ᠰᠲ᠋ᠢᠯᠢ ᠪᠠ ᠵᠠᠨᠠᠷ ᠭᠡᠬᠦ ᠨᠡᠷ ᠠ ᠲᠤᠮᠢᠶ ᠠ ᠵᠢ ᠬᠤᠳᠬᠤᠯᠳᠤᠭᠤᠯᠬᠤ ᠪᠤᠶᠤ ᠬᠠᠷᠠᠬᠠᠨ ᠨᠡᠭᠡᠳᠦᠯ ᠦᠭᠡᠢ ᠪᠡᠷ ᠬᠡᠷᠡᠭᠡᠯᠬᠦ ᠪᠠᠢᠭ᠎ᠠ ᠦᠵᠡᠭᠳᠡᠯ ᠤᠷᠤᠰᠢᠤ ᠪᠤᠢ᠃20ᠳ᠋ᠤᠭᠠᠷ ᠵᠠᠭᠤᠨ ᠤ ᠰᠡᠬᠦᠯᠴᠢ ᠡᠴᠡ ᠨᠠᠭᠠᠰᠢ ᠤᠯᠤᠰ ᠤᠨ ᠲᠤᠳᠤᠭᠠᠲᠤ ᠶᠢᠨ ᠬᠢᠲᠠᠳ ᠡᠷᠳᠡᠮᠲᠡᠨ ᠡᠴᠡ ᠲᠤᠰ ᠬᠤᠶᠠᠷ ᠤᠬᠠᠭᠳᠠᠬᠤᠨ ᠢ ᠰᠢᠨᠵᠢᠯᠡᠬᠦ ᠤᠬᠠᠭᠠᠨᠴᠢ ᠪᠡᠷ ᠲᠠᠢᠯᠪᠤᠷᠢᠯᠠᠵᠤ᠂ ᠨᠢᠭᠡᠳᠭᠡᠨ ᠲᠦᠷᠢᠮᠵᠢᠬᠦᠯᠬᠦ ᠪᠡᠷ ᠤᠷᠤᠯᠳᠤᠭᠰᠠᠨ ᠨᠢ ᠮᠣᠩᠭᠤᠯ ᠤᠷᠠᠨ ᠵᠤᠬᠢᠶᠠᠯ ᠤᠨ ᠰᠣᠳᠤᠯᠭᠠᠨ ᠳ᠋ᠤ ᠮᠠᠰᠢ ᠴᠢᠬᠤᠯᠠ ᠰᠡᠩᠭᠡᠷᠡᠬᠦᠯᠦᠯ ᠪᠤᠯᠵᠠᠢ᠃ ᠲᠡᠯᠡᠭᠡᠢ ᠶᠢᠨ ᠤᠷᠠᠨ ᠵᠤᠬᠢᠶᠠᠯ ᠤᠨ ᠬᠠᠷᠢᠯᠴᠠᠭ᠎ᠠ ᠡᠳᠦᠷ ᠢᠷᠡᠬᠦᠶ ᠠ ᠨᠢᠭᠲᠠᠷᠠᠵᠤ᠂ ᠰᠤᠷᠠᠭ ᠵᠠᠩᠾᠢ ᠶᠢᠨ ᠰᠣᠯᠢᠯᠴᠠᠭ᠎ᠠ ᠬᠢᠭᠡᠳ ᠡᠬᠢ ᠰᠤᠷᠪᠤᠯᠵᠢ ᠶᠢᠨ ᠬᠠᠮᠲᠤ ᠶᠢᠨ ᠠᠰᠢᠭᠯᠠᠯᠲᠠ ᠵᠢ ᠴᠢᠬᠤᠯᠠᠴᠢᠯᠠᠵᠦ ᠪᠠᠢᠭ᠎ᠠ ᠦᠨᠦᠳᠦᠷ ᠤᠷᠠᠨ ᠵᠤᠬᠢᠶᠠᠯ ᠤᠨ ᠨᠡᠷ ᠠ ᠲᠤᠮᠢᠶ ᠠ ᠵᠢ ᠨᠢᠡᠭᠡᠳᠭᠡᠨ ᠲᠦᠷᠢᠮᠵᠢᠬᠦᠯᠬᠦ ᠨᠢ ᠨᠡᠢᠭᠡᠨᠲᠡ ᠭᠠᠷᠴᠤ ᠪᠤᠯᠤᠰᠢ ᠦᠭᠡᠢ ᠱᠠᠭᠠᠷᠳᠠᠯᠭ᠎ᠠ ᠪᠤᠯᠵᠠᠢ᠃ |
Original Literature |
View Original Paper
|
出自 |
内蒙古社会科学(蒙文版)
2021年
第3期
|